ᠡᠶ᠎ᠡ ᠨᠠᠶᠢᠷ ᠡᠯᠪᠡᠷᠢᠯ ᠵᠢᠷᠤᠮ ᠢ ᠡᠷᠬᠢᠮᠯᠡᠭᠰᠡᠨ ᠭᠤᠷᠪᠠᠨ ᠦᠨᠳᠦᠰᠦᠲᠡᠨ ᠲᠠᠢ ᠭᠡᠷ ᠪᠦᠯᠢ
ᠨᠡᠶᠢᠲᠡᠯᠡᠭᠰᠡᠨ ᠴᠠᠭ᠄
2025/4/14
    ᠊᠊᠊᠊᠊ ᠬᠤᠷᠴᠢᠨ ᠵᠡᠭᠦᠨ ᠭᠠᠷᠤᠨ ᠳᠤᠮᠳᠠᠳᠤ  ᠬᠤᠰᠢᠭᠤᠨ ᠤ ᠪᠤᠤ ᠺᠠᠩ ᠪᠠᠯᠭᠠᠰᠤ ᠶᠢᠨ         ᠳᠠᠷᠬᠠᠨ ᠨᠡᠶᠢᠭᠡᠮ ᠲᠣᠭᠤᠷᠢᠭ ᠤᠨ ᠪᠠᠢ ᠭᠤᠸᠠᠩ ᠶᠤᠸᠠᠨ ᠤ ᠬᠢᠨ ᠢ ᠲᠡᠮᠳᠡᠭᠯᠡᠪᠡ              ᠰᠤᠷᠪᠤᠯᠵᠢᠯᠠᠬᠴᠢ ᠰᠠᠴᠤᠷᠠᠩᠭᠤᠢ ᠴᠡᠯᠡᠭᠡᠷ  ᠴᠢᠮᠡᠭᠡᠯᠡᠭᠴᠢ ᠭᠤᠤ ᠺᠦᠨ      ᠊᠊᠊᠊᠊᠊᠊ ᠮᠠᠨ ᠤ ᠨᠡᠶᠢᠭᠡᠮ ᠲᠣᠭᠤᠷᠢᠭ ᠤᠨ ᠪᠠᠢ ᠭᠤᠸᠠᠩ ᠶᠤᠸᠠᠨ ᠤ ᠬᠢᠨ ᠪᠣᠯ ᠭᠤᠷᠪᠠᠨ ᠦᠨᠳᠦᠰᠦᠲᠡᠨ ᠢᠶᠠᠷ ᠪᠦᠷᠢᠯᠳᠦᠭᠰᠡᠨ ᠳᠦᠷᠪᠡᠨ ᠦᠶ᠎ᠡ ᠪᠠᠷ ᠢᠶᠠᠨ ᠬᠠᠮᠲᠤ ᠠᠮᠢᠳᠤᠷᠠᠵᠤ ᠪᠠᠶᠢᠭ᠎ᠠ ᠲᠣᠮᠣ ᠭᠡᠷ ᠪᠦᠯᠢ ᠶᠤᠮ᠃ ᠪᠠᠢ ᠭᠤᠸᠠᠩ ᠶᠤᠸᠠᠨ ᠤ ᠠᠪᠤ ᠡᠵᠢ ᠨᠢ ᠪᠦᠷ ᠶᠡᠷᠡ ᠭᠠᠷᠴᠤ ᠪᠠᠶᠢᠭ᠎ᠠ ᠪᠥᠭᠡᠳ ᠠᠪᠤ ᠨᠢ ᠬᠡᠪᠲᠡᠷᠢ ᠳᠤ ᠣᠷᠣᠭᠠᠳ ᠬᠥᠳᠡᠯᠵᠦ ᠳᠡᠶᠢᠯᠭᠦ ᠦᠭᠡᠢ ᠪᠣᠯᠴᠢᠬᠠᠵᠠᠢ᠃ ᠪᠠᠢ ᠭᠤᠸᠠᠩ ᠶᠤᠸᠠᠨ ᠠᠬ᠎ᠠ ᠡᠭᠡᠴᠢ ᠳᠡᠭᠦᠦ ᠬᠡᠳᠦᠭᠦᠯᠡ ᠪᠠᠨ ᠡᠭᠡᠯᠵᠢ ᠬᠠᠯᠠᠭ᠎ᠠ ᠪᠠᠷ ᠵᠢᠵᠢᠭᠦᠷᠯᠡᠨ ᠨᠠᠰᠤᠲᠠᠢ ᠠᠪᠤ ᠪᠠᠨ ᠲᠤᠩ ᠰᠠᠶᠢᠬᠠᠨ ᠠᠰᠠᠷᠠᠨ ᠰᠤᠪᠢᠯᠠᠵᠤ ᠪᠠᠶᠢᠨ᠎ᠠ ᠰᠢᠦ ᠭᠡᠬᠦ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠪᠤᠤ ᠺᠠᠩ ᠪᠠᠯᠭᠠᠰᠤ ᠶᠢᠨ ᠳᠠᠷᠬᠠᠨ ᠨᠡᠶᠢᠭᠡᠮ ᠲᠣᠭᠤᠷᠢᠭ ᠤᠨ ᠠᠵᠢᠯᠲᠠᠨ ᠤ ᠲᠠᠨᠢᠯᠴᠠᠭᠤᠯᠭ᠎ᠠ ᠪᠠᠷ᠂ ᠪᠢᠳᠡ ᠪᠠᠢ ᠭᠤᠸᠠᠩ ᠶᠤᠸᠠᠨ ᠤ ᠬᠢᠨ ᠳᠤ ᠭᠦᠷᠦᠭᠰᠡᠨ ᠶᠤᠮ᠃      ᠤᠷᠢᠳ ᠢᠶᠠᠷ ᠮᠡᠳᠡᠭᠳᠡᠭᠰᠡᠨ ᠴᠤ ᠦᠭᠡᠢ ᠪᠠᠷ ᠡᠭᠦᠳᠡ ᠶᠢ ᠨᠢ ᠲᠤᠬᠰᠢᠨ ᠠᠯᠬᠤᠭᠠᠳ ᠣᠷᠣᠬᠤ ᠳᠤ ᠯᠠ ᠭᠢᠯᠠ ᠴᠢᠯᠠ᠂ ᠴᠡᠪᠡᠷ ᠴᠡᠮᠴᠡᠭᠡᠷ ᠰᠠᠭᠤᠵᠤ ᠪᠠᠶᠢᠭᠰᠠᠨ ᠠᠴᠠ ᠨᠢ ᠡᠨᠡ ᠭᠡᠷ ᠤᠨ ᠬᠥᠮᠥᠰ ᠤᠨ ᠠᠵᠢᠯᠴᠢ ᠭᠦᠳᠡᠯᠮᠦᠷᠢᠴᠢ᠂ ᠠᠷᠢᠭᠤᠨ ᠴᠡᠪᠡᠷᠴᠢ ᠭᠡᠳᠡᠭ ᠨᠢ ᠮᠡᠳᠡᠭᠳᠡᠨ᠎ᠡ᠃ ᠦᠲᠡᠯᠦᠭᠡ ᠨᠠᠰᠤᠲᠠᠨ ᠨᠢ ᠤᠳᠠᠭᠠᠨ ᠡᠳᠦᠷ ᠢᠶᠠᠷ ᠬᠡᠪᠲᠡᠵᠦ᠂ ᠥᠳᠬᠡᠨ ᠰᠢᠩᠭᠡᠨ ᠳᠡᠭᠡᠨ ᠵᠥᠪ ᠦᠭᠡᠢ ᠪᠣᠯᠴᠢᠬᠠᠭᠰᠠᠨ ᠠᠳᠠᠯ᠎ᠠ ᠥᠴᠥᠬᠡᠨ ᠴᠤ ᠦᠨᠦᠷ ᠲᠠᠨᠢᠷ ᠦᠭᠡᠢ ᠠᠷᠢᠭᠤᠨ ᠴᠡᠪᠡᠷ ᠠᠰᠠᠷᠠᠵᠤ ᠰᠤᠪᠢᠯᠠᠨ᠎ᠠ ᠭᠡᠳᠡᠭ ᠦᠷ᠎ᠡ ᠬᠡᠦᠬᠡᠳ ᠪᠣᠯᠣᠭᠰᠠᠳ ᠤᠨ ᠬᠢᠨᠢ ᠨᠠᠷᠢᠨ ᠨᠢᠮᠪᠠᠢ ᠠᠰᠠᠷᠠᠨ ᠰᠤᠪᠢᠯᠠᠯᠲᠠ ᠠᠴᠠ ᠰᠠᠯᠵᠤ ᠴᠢᠳᠠᠬᠤ ᠦᠭᠡᠢ ᠨᠢ ᠮᠡᠳᠡᠭᠡᠵᠢ᠃ ᠲᠡᠷᠡ ᠭᠠᠷᠠᠭ  ᠨᠢ ᠠᠬ᠎ᠠ ᠡᠭᠡᠴᠢ ᠳᠡᠭᠦᠦ ᠬᠡᠳᠦᠭᠦᠯᠡ ᠶᠢᠨ ᠢᠶᠠᠨ ᠠᠬ᠎ᠠ ᠨᠢ ᠪᠤᠯᠬᠤ ᠪᠠᠢ ᠭᠤᠸᠠᠩ ᠶᠧ ᠶᠢᠨ ᠡᠭᠡᠯᠵᠢ ᠲᠠᠭᠠᠷᠠᠵᠦ ᠳᠡᠭᠦᠦ ᠶᠢᠨ ᠳᠡᠭᠡᠨ ᠢᠷᠡᠵᠦ ᠠᠪᠤ ᠪᠠᠨ ᠰᠤᠪᠢᠯᠠᠵᠤ ᠪᠠᠶᠢᠪᠠ᠃      ᠣᠶᠢᠯᠠᠭᠠᠭᠰᠠᠨ ᠢᠶᠠᠷ᠂ ᠪᠠᠢ ᠭᠤᠸᠠᠩ ᠶᠤᠸᠠᠨ ᠤ ᠠᠪᠤ ᠶᠢ ᠪᠠᠢ ᠬᠤᠨᠭ᠌ ᡁᠢ ᠭᠡᠳᠡᠭ᠂ ᠮᠠᠨᠵᠤ ᠦᠨᠳᠦᠰᠦᠲᠡᠨ᠂ ᠡᠨᠡ ᠵᠢᠯ ᠶᠡᠷᠡᠨ ᠳᠥᠷᠪᠡᠲᠡᠢ᠃ ᠡᠵᠢ ᠶᠢ ᠨᠢ ᠬᠤ᠋ ᠭᠦᠢ ᠯᠠᠨ ᠭᠡᠳᠡᠭ᠂ ᠬᠢᠲᠠᠳ ᠦᠨᠳᠦᠰᠦᠲᠡᠨ᠂ ᠡᠨᠡ ᠵᠢᠯ ᠶᠡᠷᠡᠨ ᠨᠢᠭᠡᠲᠡᠢ᠃ ᠲᠡᠳᠡᠨ ᠤ ᠳᠡᠭᠡᠳᠦ ᠶᠢᠨ ᠨᠤᠲᠤᠭ ᠨᠢ ᠯᠢᠶᠤᠤᠨᠢᠩ ᠮᠤᠵᠢ ᠳᠤ ᠪᠠᠶᠢᠳᠠᠭ ᠪᠥᠭᠡᠳ ᠪᠠᠢ ᠭᠤᠸᠠᠩ ᠶᠤᠸᠠᠨ ᠤ ᠡᠪᠦᠭᠡ ᠶᠢᠨ ᠬᠢᠨᠢ ᠦᠶ᠎ᠡ ᠳᠤ ᠲᠠᠢ ᠫᠢᠩ ᠴᠤᠸᠠᠨ ᠳᠤ ᠨᠡᠭᠦᠨ ᠢᠷᠡᠵᠤ ᠰᠠᠭᠤᠷᠢᠰᠢᠭᠠᠳ᠂ ᠠᠬ᠎ᠠ ᠪᠠᠢ ᠭᠤᠸᠠᠩ ᠶᠧ ᠶᠢ ᠨᠢ ᠨᠢᠷᠠᠢ ᠪᠠᠶᠢᠬᠤ  ᠳᠤᠨᠢ ᠪᠤᠤ ᠺᠠᠩ ᠪᠠᠯᠭᠠᠰᠤᠨ ᠳᠤ ᠨᠡᠭᠦᠨ ᠢᠷᠡᠵᠦ ᠠᠮᠢᠳᠤᠷᠠᠭᠰᠠᠨ ᠭᠡᠳᠡᠭ᠃ ᠪᠠᠢ ᠭᠤᠸᠠᠩ ᠶᠤᠸᠠᠨ ᠠᠬ᠎ᠠ ᠡᠭᠡᠴᠢ ᠳᠡᠭᠦᠦ ᠲᠠᠪᠤᠭᠤᠯᠠ᠂ ᠪᠠᠢ ᠭᠤᠸᠠᠩ ᠶᠧ ᠬᠠᠮᠤᠭ ᠶᠡᠭᠡ ᠨᠢ᠂ ᠪᠠᠢ ᠭᠤᠸᠠᠩ ᠶᠤᠸᠠᠨ ᠬᠤᠶᠠᠳᠤᠭᠠᠷ ᠨᠢ᠂ ᠲᠡᠳᠡ ᠬᠤᠶᠠᠭᠤᠯᠠ ᠳᠤ ᠭᠤᠷᠪᠠᠨ ᠬᠡᠦᠬᠡᠨ ᠳᠡᠭᠦᠦ ᠲᠠᠢ ᠶᠤᠮ ᠭᠡᠨ᠎ᠡ᠃ ᠠᠬ᠎ᠠ ᠡᠭᠡᠴᠢ ᠳᠡᠭᠦᠦ ᠲᠠᠪᠤᠭᠤᠯᠠ ᠪᠠᠨ ᠮᠠᠨᠵᠤ ᠪᠣᠯᠣᠨ ᠬᠢᠲᠠᠳ ᠬᠤᠶᠠᠷ ᠦᠨᠳᠦᠰᠦᠲᠡᠨ ᠤ ᠠᠪᠤ ᠡᠵᠢ ᠠᠴᠠ ᠲᠦᠷᠦᠭᠰᠡᠨ ᠪᠤᠯᠪᠠᠴᠦ ᠡᠷᠦᠭᠡ ᠠᠮᠠ ᠶᠢᠨ ᠳᠠᠩᠰᠠᠨ ᠳᠡᠭᠡᠷ᠎ᠡ ᠪᠠᠨ ᠪᠦᠷ ᠮᠠᠨᠵᠤ ᠦᠨᠳᠦᠰᠦᠲᠡᠨ ᠢᠶᠠᠷ ᠶᠠᠪᠤᠭ᠎ᠠ ᠠᠵᠢ᠃      ᠊᠊᠊᠊᠊᠊᠊ ᠮᠢᠨᠤ ᠳᠡᠭᠦᠦ ᠪᠣᠯᠣᠨ ᠳᠡᠭᠦᠦ ᠪᠡᠷᠢ ᠪᠦᠷ ᠳᠠᠯᠠ ᠰᠢᠬᠠᠵᠤ ᠪᠠᠶᠢᠭ᠎ᠠ ᠬᠥᠮᠥᠰ᠂ ᠳᠡᠭᠦᠦ ᠮᠠᠨᠢ ᠣᠮᠪᠣᠯᠣ ᠪᠠᠨ ᠰᠤᠷᠭᠠᠭᠤᠯᠢ ᠳᠤ ᠬᠦᠷᠭᠡᠵᠦ ᠲᠤᠰᠤᠭᠠᠳ ᠡᠳᠦᠷ ᠤᠨ ᠭᠡᠳᠦ ᠤᠳᠠᠭ᠎ᠠ ᠨᠠᠭᠠᠰᠢ ᠴᠠᠭᠠᠰᠢ ᠭᠦᠶᠦᠭᠡᠳ ᠶᠠᠭᠠᠷᠠᠤ᠃ ᠳᠡᠭᠦᠦ ᠪᠡᠷᠢ ᠪᠠᠰᠠ ᠭᠡᠷ ᠲᠡᠷᠭᠡ ᠪᠠᠨ ᠳᠣᠳᠣᠮᠳᠠᠵᠤ᠂ ᠭᠤᠷᠪᠠᠨ ᠡᠷᠢᠨ ᠤ ᠬᠤᠭᠤᠯᠠ ᠪᠡᠯᠡᠳᠬᠡᠭᠡᠳ ᠡᠳᠦᠷᠵᠢᠨ ᠶᠠᠪ ᠶᠠᠭᠠᠷᠠᠤ᠂ ᠳᠠᠷᠠ ᠪᠠᠰᠠ ᠰᠠᠶ᠋ᠢᠬᠠᠨ ᠨᠣᠭᠤᠭ᠎ᠠ ᠠᠪᠬᠤ ᠪᠠᠷ ᠵᠡᠭᠡᠯᠢ ᠳᠤ ᠭᠠᠷᠴᠠᠢ᠃ ᠪᠢ ᠪᠣᠯ ᠡᠡ᠊ᠨᠳᠡ ᠢᠷᠡᠪᠡᠯ ᠠᠪᠤ ᠪᠠᠨ ᠠᠰᠠᠷᠠᠨ ᠰᠤᠪᠢᠯᠠᠬᠤ ᠠᠴᠠ ᠣᠨᠳᠣᠣ ᠶᠠᠭᠤ ᠴᠤ ᠬᠢᠵᠦ ᠪᠠᠶᠢᠬᠤ ᠦᠭᠡᠢ᠃ ᠬᠡᠦᠬᠡᠳ ᠪᠦᠷ ᠬᠤᠪᠢ ᠬᠤᠪᠢᠨ ᠤ ᠠᠵᠢᠯ ᠳᠠᠭᠠᠨ ᠶᠠᠭᠠᠷᠠᠤ᠃ ᠠᠪᠤ ᠮᠢᠨᠢ ᠬᠡᠪᠲᠡᠷᠢ ᠳᠤ ᠣᠷᠣᠭᠠᠳ ᠨᠢᠭᠡᠨᠲᠡ ᠵᠢᠯ ᠭᠠᠷᠤᠢ ᠪᠣᠯᠴᠢᠬᠠᠵᠠᠢ᠂ ᠴᠡᠷ ᠢᠶᠠᠨ ᠭᠠᠷᠭᠠᠵᠤ ᠳᠡᠶᠢᠯᠭᠦ ᠦᠭᠡᠢ ᠪᠥᠭᠡᠳ ᠬᠠᠭᠠᠰ ᠴᠠᠭ ᠪᠤᠯᠬᠤ ᠦᠭᠡᠢ ᠵᠤᠷᠯᠤᠩ ᠳᠤ ᠣᠷᠣᠨ᠎ᠠ᠃ ᠡᠶᠢᠮᠦ ᠠᠴᠠ ᠡᠳᠦᠷ ᠰᠥᠨᠢ ᠶᠢᠨ ᠬᠤᠷᠢᠨ ᠲᠦᠷᠪᠡᠨ ᠴᠠᠭ ᠢᠶᠠᠷ ᠬᠠᠵᠠᠭᠤ ᠠᠴᠠ ᠨᠢ ᠬᠥᠮᠥᠨ ᠰᠠᠯᠵᠤ ᠪᠤᠯᠬᠤ ᠦᠭᠡᠢ ᠲᠤᠯᠠ ᠮᠠᠨ ᠤ ᠠᠬ᠎ᠠ ᠡᠭᠡᠴᠢ ᠳᠡᠭᠦᠦ ᠲᠠᠪᠤᠭᠤᠯᠠ ᠪᠠᠨ ᠡᠭᠡᠯᠵᠢᠯᠡᠨ ᠠᠰᠠᠷᠠᠨ ᠰᠤᠪᠢᠯᠠᠵᠤ ᠪᠠᠶᠢᠨ᠎ᠠ᠃ ᠮᠢᠨᠤ ᠳᠡᠭᠦᠦ ᠶᠢᠨ ᠡᠳᠦᠷ ᠤᠨ ᠠᠵᠢᠯ ᠶᠠᠭᠠᠷᠠᠤ ᠪᠣᠯᠬᠤᠷ᠂ ᠲᠡᠭᠦᠨ ᠳᠤ ᠡᠳᠦᠷ ᠪᠣᠯᠭᠠᠨ ᠤ ᠣᠷᠣᠢ ᠶᠢᠨ ᠬᠤᠭᠤᠯᠠᠨ ᠤ ᠳᠠᠷᠠᠭ᠎ᠠ ᠠᠴᠠ ᠰᠥᠨᠢ ᠶᠢᠨ 12 ᠴᠠᠭ ᠪᠤᠯᠳᠠᠯ᠎ᠠ ᠠᠪᠤ ᠶᠢ ᠰᠤᠪᠢᠯᠠᠬᠤ ᠵᠢᠵᠢᠭᠦᠷ ᠲᠣᠬᠢᠷᠠᠭᠤᠯᠵᠠᠢ᠃ ᠪᠤᠰᠤᠳ ᠴᠠᠭ ᠨᠢ ᠪᠦᠷ ᠪᠢᠳᠡᠨ ᠤ ᠡᠭᠡᠯᠵᠢ ᠶᠢᠨ ᠬᠥᠮᠥᠰ ᠤᠨ ᠬᠢ᠂ ᠪᠢᠳᠡ ᠤᠤᠯ ᠳᠠᠭᠠᠨ ᠬᠡᠳᠦᠭᠦᠯᠡ ᠪᠠᠨ ᠬᠥᠮᠥᠨ ᠪᠦᠷᠢ ᠠᠷᠪᠠᠨ ᠡᠳᠦᠷ ᠢᠶᠠᠷ ᠡᠭᠡᠯᠵᠢᠯᠡᠵᠦ ᠪᠠᠶᠢᠵᠠᠢ᠃ ᠡᠨᠡ ᠵᠢᠯ ᠤᠨ ᠡᠬᠢᠨ ᠠᠴᠠ ᠨᠠᠭᠠᠰᠢ᠂ ᠭᠤᠷᠪᠠᠨ ᠬᠡᠦᠬᠡᠨ ᠳᠡᠭᠦᠦ ᠬᠤᠭᠤᠷᠣᠨᠳᠤ ᠪᠠᠨ ᠵᠥᠪᠳᠡᠭᠡᠳ ᠨᠠᠳᠠ ᠶᠢ ᠪᠠᠰᠠ ᠳᠠᠯᠠ ᠭᠠᠷᠴᠤ ᠨᠠᠰᠤ ᠠᠬᠢᠵᠤ ᠪᠠᠶᠢᠨ᠎ᠠ ᠬᠡᠮᠡᠨ ᠲᠡᠳᠡ ᠬᠥᠮᠥᠨ ᠪᠣᠯᠭᠠᠨ 11 ᠡᠳᠦᠷ ᠠᠪᠤ ᠶᠢ ᠰᠤᠪᠢᠯᠠᠬᠤ ᠪᠠᠷ ᠪᠣᠯᠵᠤ᠂ ᠨᠠᠳᠠ ᠰᠠᠶ᠋ᠢ ᠨᠢᠭᠡ ᠯᠠ ᠭᠠᠷᠠᠭ ᠤᠨ ᠵᠢᠵᠢᠭᠦᠷ ᠲᠣᠬᠢᠷᠠᠭᠤᠯᠤᠭᠠᠳ ᠪᠠᠶᠢᠭ᠎ᠠ ᠨᠢ ᠡᠨᠡ᠃ ᠡᠶᠢᠮᠦ ᠠᠴᠠ ᠨᠠᠳᠠ ᠳᠤ ᠶᠠᠭ ᠪᠦᠲᠦᠨ ᠨᠢᠭᠡ ᠰᠠᠷ᠎ᠠ ᠪᠣᠯᠣᠭᠠᠳ ᠰᠠᠶ᠋ᠢ ᠨᠢᠭᠡ ᠭᠠᠷᠠᠭ ᠤᠨ ᠵᠢᠵᠢᠭᠦᠷ ᠲᠠᠭᠠᠷᠠᠳᠠᠭ ᠭᠡᠵᠦ ᠪᠠᠢ ᠭᠤᠸᠠᠩ ᠶᠧ ᠨᠠᠰᠤᠲᠠᠨ ᠶᠠᠷᠢᠵᠤ ᠪᠠᠶᠢᠯ᠎ᠠ᠃      ᠪᠠᠢ ᠭᠤᠸᠠᠩ ᠶᠧ ᠪᠤᠤ ᠯᠦᠡᠭ ᠱᠠᠨ ᠪᠠᠯᠭᠠᠰᠤ ᠶᠢᠨ ᠬᠠᠩᠭᠠᠨ ᠪᠣᠷᠣᠯᠠᠭᠤᠯᠬᠤ ᠬᠤᠷᠰᠢᠶ᠎ᠠ ᠠᠴᠠ ᠠᠵᠢᠯ ᠤᠨ ᠠᠮᠠᠷᠠᠯᠲᠠ ᠪᠠᠨ ᠠᠪᠴᠤ᠂ ᠤᠳᠤ ᠴᠤ ᠭᠡᠰᠡᠨ ᠪᠤᠤ ᠯᠦᠡᠭ ᠱᠠᠨ ᠪᠠᠯᠭᠠᠰᠤᠨ ᠳᠤ ᠪᠠᠶᠢᠭ᠎ᠠ ᠪᠠᠶᠢᠰᠢᠩ ᠭᠡᠷ ᠲᠡᠭᠡᠨ ᠰᠠᠭᠤᠵᠤ ᠪᠤᠢ᠃ ᠡᠮᠦᠨ᠎ᠡ ᠬᠡᠳᠦᠨ ᠵᠢᠯ᠂ ᠠᠪᠤ ᠡᠵᠢ ᠨᠢ ᠪᠠᠢ ᠭᠤᠸᠠᠩ ᠶᠧ ᠶᠢᠨ ᠲᠡᠨᠳᠡ ᠰᠠᠭᠤᠵᠤ ᠪᠠᠶᠢᠭᠰᠠᠨ ᠢᠶᠠᠨ ᠪᠠᠶᠢᠰᠢᠩ ᠭᠡᠷ ᠡᠪᠦᠯ ᠳᠡᠭᠡᠨ ᠬᠦᠢᠲᠡᠨ᠂ ᠨᠠᠰᠤᠲᠠᠢ ᠬᠥᠮᠥᠨ ᠵᠤᠷᠯᠤᠩ ᠳᠤ ᠣᠷᠣᠬᠤ ᠳᠤ ᠲᠦᠭᠦᠮ ᠦᠭᠡᠢ ᠵᠡᠷᠭᠡ ᠰᠢᠯᠲᠠᠭᠠᠨ ᠠᠴᠠ ᠪᠣᠯᠵᠤ᠂ ᠰᠡᠭᠦᠯ ᠤᠨ ᠲᠠᠪᠤ ᠳᠤᠯᠤᠭᠠᠨ ᠵᠢᠯ ᠳᠤ ᠬᠤᠶᠠᠳᠤᠭᠠᠷ ᠬᠦᠦ ᠶᠢᠨ ᠳᠡᠭᠡᠨ ᠪᠠᠶᠢᠩᠭᠤ ᠰᠠᠭᠤᠳᠠᠭ ᠪᠣᠯᠤᠭᠰᠠᠨ ᠨᠢ ᠡᠨᠡ ᠠᠵᠢ᠃ ᠪᠠᠢ ᠭᠤᠸᠠᠩ ᠶᠧ ᠬᠡᠳᠦᠶᠢᠪᠡᠷ ᠥᠪᠡᠷ  ᠢᠶᠠᠨ ᠪᠠᠰᠠ ᠳᠠᠯᠨᠨ ᠨᠢᠭᠡ ᠬᠦᠷᠴᠦ᠂ ᠰᠠᠬᠠᠯ ᠦᠰᠦ ᠨᠢ ᠴᠠᠶᠢᠵᠤ ᠰᠠᠨᠴᠢᠭ ᠨᠢ ᠪᠤᠭᠤᠷᠤᠯᠲᠤᠨ ᠨᠢᠷᠤᠭᠤ ᠨᠢ ᠪᠥᠭᠲᠥᠶᠢᠭᠰᠡᠨ ᠪᠤᠯᠪᠠᠴᠦ ᠦᠷ᠎ᠡ ᠬᠡᠦᠬᠡᠳ ᠤᠨ ᠶᠣᠰᠣ  ᠪᠠᠷ ᠡᠯᠪᠡᠷᠢᠯ ᠵᠢᠷᠤᠮ ᠢ ᠭᠦᠢᠴᠡᠳᠬᠡᠨ᠂ ᠦᠲᠡᠯᠦᠭᠡ ᠠᠪᠤ ᠪᠠᠨ ᠰᠤᠪᠢᠯᠠᠬᠤ ᠪᠠᠷ ᠰᠠᠷ᠎ᠠ ᠶᠢᠨ ᠨᠢᠭᠡ ᠤᠳᠠᠭ᠎ᠠ ᠳᠡᠭᠦᠦ ᠶᠢᠨ ᠳᠡᠭᠡᠨ ᠢᠷᠡᠵᠤ᠂ ᠠᠪᠤ ᠪᠠᠨ ᠰᠤᠪᠢᠯᠠᠬᠤ  ᠪᠠᠨ ᠪᠠᠷᠢᠮᠲᠠᠯᠠᠭᠰᠠᠭᠠᠷ ᠪᠠᠶᠢᠨ᠎ᠠ᠃ ᠬᠡᠯᠡᠵᠦ ᠶᠠᠷᠢᠬᠤ ᠪᠠ ᠶᠠᠪᠤᠵᠤ ᠰᠠᠭᠤᠬᠤ ᠠᠴᠠ ᠨᠢ ᠪᠠᠢ ᠭᠤᠸᠠᠩ ᠶᠧ ᠭᠡᠭᠴᠢ ᠨᠠᠮ ᠳᠥᠯᠭᠡᠨ ᠵᠠᠩ ᠠᠭᠠᠯᠢ ᠲᠠᠢ᠂ ᠲᠤᠩ ᠶᠡᠭᠡ ᠬᠡᠪ ᠪᠣᠯᠪᠠᠰᠤᠷᠠᠯ ᠲᠠᠢ ᠬᠥᠮᠥᠨ ᠭᠡᠳᠡᠭ ᠨᠢ ᠢᠯᠡ ᠮᠡᠳᠡᠭᠳᠡᠨ᠎ᠡ᠃ ᠶᠡᠷᠡ ᠭᠠᠷᠴᠤ ᠪᠠᠶᠢᠭ᠎ᠠ ᠨᠠᠰᠤᠲᠠᠢ ᠡᠵᠢ ᠨᠢ ᠮᠥᠨ ᠥᠷᠥᠪᠴᠢ ᠡᠨᠡᠷᠢᠩᠭᠦᠢ ᠵᠢᠰᠦ ᠴᠢᠷᠠᠢ ᠲᠠᠢ ᠬᠥᠮᠥᠨ ᠪᠥᠭᠡᠳ ᠪᠢᠳᠡᠨ ᠳᠤ ᠰᠠᠨᠳᠠᠯᠢ ᠠᠪᠴᠤ ᠥᠭᠭᠦᠨ ᠤᠰᠤ ᠴᠠᠢ ᠣᠶᠢᠷᠠᠲᠤᠭᠤᠯᠬᠤ ᠭᠡᠵᠦ ᠮᠠᠶᠢᠵᠢᠭᠢᠨᠠᠬᠤ ᠠᠴᠠ ᠨᠢ ᠠᠰᠪᠤᠷ ᠴᠠᠶᠢᠯᠭᠠᠨ ᠬᠠᠯᠠᠭᠤᠮᠰᠤᠭ ᠵᠠᠩ  ᠲᠠᠢ ᠬᠥᠮᠥᠨ ᠭᠡᠳᠡᠭ ᠨᠢ ᠭᠠᠳᠠᠷᠯᠠᠭᠳᠠᠨ᠎ᠠ᠃      ᠊᠊᠊᠊᠊᠊᠊ ᠡᠨᠡ ᠳᠡᠯᠡᠬᠡᠢ ᠳᠤ ᠡᠵᠢ ᠠᠪᠤ ᠭᠡᠳᠡᠭ ᠡᠷᠭᠢᠭᠡᠳ ᠣᠯᠳᠠᠰᠢ ᠦᠭᠡᠢ ᠡᠷᠳᠡᠨᠢ᠃ ᠨᠠᠳᠠ ᠶᠢ ᠲᠦᠭᠦᠭᠡ ᠣᠷᠣᠬᠤ ᠲᠡᠷᠡ ᠴᠠᠭ ᠠᠴᠠ ᠡᠬᠢᠯᠡᠨ᠂ ᠮᠠᠨ ᠤ ᠠᠮᠢᠳᠤᠷᠠᠯ ᠲᠡᠶᠢᠮᠦ ᠴᠢᠨᠡᠭᠡᠯᠢᠭ ᠪᠢᠰᠢ ᠪᠠᠶᠢᠭᠰᠠᠨ᠂ ᠭᠡᠪᠡᠴᠦ ᠠᠬᠠᠰ ᠵᠠᠬᠠᠰ ᠢᠶᠠᠨ ᠬᠦᠨᠳᠦᠳᠬᠡᠨ᠂ ᠡᠴᠢᠭᠡ ᠡᠬᠡ ᠪᠠᠨ ᠠᠴᠢᠯᠠᠬᠤ ᠶᠢ ᠠᠪᠤ ᠡᠵᠢ ᠮᠠᠨᠢ ᠪᠡᠶ᠎ᠡ ᠪᠠᠷ ᠢᠶᠠᠨ ᠦᠯᠢᠭᠡᠷ ᠳᠠᠭᠤᠷᠢᠶᠠᠯ ᠪᠣᠯᠵᠤ ᠦᠵᠡᠭᠦᠯᠵᠦ ᠰᠤᠷᠭᠠᠵᠠᠢ᠃ ᠪᠢᠳᠡᠨ ᠢ ᠪᠠᠭ᠎ᠠ ᠪᠠᠶᠢᠬᠤ ᠳᠤ᠂ ᠮᠢᠨᠤ ᠡᠪᠦᠭᠡ ᠰᠠ ᠡᠪᠡᠳᠴᠢᠨ ᠳᠤ ᠨᠡᠷᠪᠡᠭᠳᠡᠭᠰᠡᠨ ᠪᠥᠭᠡᠳ ᠮᠢᠨᠤ ᠡᠮᠡᠭᠡ ᠨᠢᠭᠡ ᠨᠠᠰᠤ ᠪᠠᠷ ᠢᠶᠠᠨ ᠬᠦᠨᠳᠦ ᠠᠭᠤᠰᠬᠢᠨ ᠡᠪᠡᠳᠴᠢᠨ ᠳᠤ ᠲᠠᠷᠴᠢᠯᠠᠭᠠᠭᠳᠠᠵᠤ᠂ ᠰᠡᠭᠦᠯᠳᠡᠵᠦ ᠢᠷᠡᠭᠡᠳ ᠵᠢᠯ ᠤᠨ ᠭᠡᠳᠦ ᠤᠳᠠᠭ᠎ᠠ ᠡᠮᠨᠡᠯᠭᠡ ᠳᠤ ᠰᠠᠭᠤᠳᠠᠭ ᠪᠠᠶᠢᠭᠰᠠᠨ ᠶᠤᠮ᠃ ᠣᠨᠴᠠᠭᠠᠶᠢᠯᠠᠨ ᠡᠪᠦᠯ ᠪᠤᠯᠬᠤ ᠲᠠᠢ ᠵᠡᠷᠭᠡ᠂ ᠡᠮᠡᠭᠡ ᠶᠢᠨ ᠮᠢᠨᠢ ᠬᠠᠭᠤᠴᠢᠨ ᠠᠷᠬᠠᠭ ᠬᠥᠳᠡᠯᠬᠦ ᠨᠢ ᠬᠡᠴᠡᠭᠦᠦ ᠪᠣᠯᠴᠢᠬᠠᠳᠠᠭ᠃ ᠲᠡᠶᠢᠮᠦ ᠠᠴᠠ ᠲᠤᠬᠠᠢ  ᠶᠢᠨ ᠦᠶ᠎ᠡ ᠳᠤ ᠮᠠᠨ ᠤ ᠠᠮᠢᠳᠤᠷᠠᠯ ᠬᠡᠳᠦᠶᠢᠪᠡᠷ ᠲᠤᠩ ᠬᠦᠴᠢᠷᠲᠡᠢ ᠪᠠᠶᠢᠭᠰᠠᠨ ᠴᠤ ᠡᠪᠦᠯ ᠳᠡᠭᠡᠨ ᠭᠡᠷ ᠡᠷᠦᠭᠡ ᠪᠠᠨ ᠳᠤᠯᠠᠭᠠᠨ ᠪᠠᠶᠢᠯᠭᠠᠬᠤ ᠶᠢ ᠬᠢᠴᠢᠶᠡᠵᠦ᠂ ᠨᠡᠭᠦᠷᠡᠰᠦ ᠶᠢ ᠵᠣᠭᠰᠣᠯ ᠦᠭᠡᠢ ᠲᠦᠯᠡᠵᠦ᠂ ᠵᠤᠤᠬᠠᠨ ᠤ ᠭᠠᠯ ᠢᠶᠠᠨ ᠤᠨᠲᠠᠷᠠᠭᠠᠳᠠᠭ ᠦᠭᠡᠢ ᠪᠠᠶᠢᠪᠠ᠃ ᠬᠡᠷᠪᠡ ᠡᠮᠡᠭᠡ ᠶᠢᠨ ᠡᠪᠡᠳᠴᠢᠨ ᠨᠢ ᠬᠦᠨᠳᠦᠷᠡᠵᠦ᠂ ᠡᠮᠨᠡᠯᠭᠡ ᠳᠤ ᠰᠠᠭᠤᠬᠤ ᠳᠤ ᠭᠦᠷᠪᠡᠯ᠂ ᠪᠢᠳᠡ ᠨᠡᠭᠦᠷᠡᠰᠦ ᠪᠠᠨ ᠠᠷᠪᠢᠯᠠᠬᠤ ᠶᠢᠨ ᠲᠥᠯᠥᠭᠡ ᠵᠤᠤᠬᠠᠨ ᠤ ᠭᠠᠯ ᠢᠶᠠᠨ ᠵᠣᠭᠰᠣᠭᠠᠴᠢᠬᠠᠳᠠᠭ ᠪᠠᠶᠢᠭᠰᠠᠨ ᠶᠤᠮ᠃ ᠲᠡᠭᠡᠭᠡᠳ ᠨᠢᠭᠡ ᠵᠢᠯ ᠤᠨ ᠡᠪᠦᠯ ᠡᠮᠡᠭᠡ ᠮᠠᠨᠢ ᠬᠤᠷᠢ ᠭᠠᠷᠤᠢ ᠡᠳᠦᠷ ᠢᠶᠠᠷ ᠡᠮᠨᠡᠯᠭᠡ ᠳᠤ ᠰᠠᠭᠤᠬᠤ ᠳᠤ᠂ ᠪᠢᠳᠡ ᠨᠡᠭᠦᠷᠡᠰᠦ ᠪᠠᠨ ᠠᠷᠪᠢᠯᠠᠵᠤ ᠭᠠᠯ ᠬᠢᠭᠰᠡᠨ ᠦᠭᠡᠢ ᠪᠣᠯᠬᠤᠷ᠂ ᠮᠢᠨᠤ ᠳᠡᠭᠦᠦ ᠶᠢᠨ ᠬᠥᠯ ᠭᠠᠷ ᠨᠢ ᠪᠦᠷ ᠭᠦᠯᠡᠶᠢᠳᠡᠯ᠎ᠡ ᠬᠥᠯᠳᠡᠴᠢᠬᠡᠭᠰᠡᠨ ᠰᠢᠦ ᠭᠡᠵᠦ ᠬᠡᠯᠡᠬᠦ ᠳᠤ᠂ ᠪᠠᠢ ᠭᠤᠸᠠᠩ ᠶᠧ ᠨᠠᠰᠤᠲᠠᠨ ᠤ ᠨᠢᠳᠦᠨ ᠳᠤᠨᠢ ᠨᠢᠯᠪᠤᠰᠤ ᠴᠢᠯᠭᠡᠨᠡᠵᠦ ᠪᠠᠶᠢᠯ᠎ᠠ᠃ ᠲᠡᠶᠢᠮᠦ ᠠ᠋︕ ︽ᠬᠠ ᠭᠢᠰᠬᠢᠭᠰᠡᠨ ᠭᠠᠵᠠᠷ ᠭᠤᠶ᠎ᠠ︾ ᠭᠡᠳᠡᠭ ᠬᠠᠭᠤᠴᠢᠨ ᠤ ᠦᠭᠡ ᠪᠠᠶᠢᠳᠠᠭ᠃ ᠨᠢᠭᠡᠨ ᠡᠯᠪᠡᠷᠢᠯ ᠠᠴᠢᠯᠠᠯ ᠲᠠᠢ ᠰᠠᠶᠢᠨ ᠬᠡᠦᠬᠡᠳ ᠢ ᠬᠥᠮᠥᠵᠢᠭᠦᠯᠬᠦ ᠳᠤ ᠬᠡᠳᠦᠨ ᠦᠶ᠎ᠡ ᠶᠢᠨ ᠬᠥᠮᠥᠰ ᠤᠨ ᠬᠢᠴᠢᠶᠡᠯ ᠵᠢᠳᠬᠦᠯ ᠱᠠᠭᠠᠷᠳᠠᠭᠳᠠᠨ᠎ᠠ ᠭᠡᠳᠡᠭ ᠣᠷᠣ ᠲᠠᠢ ᠦᠭᠡ ᠪᠠᠶᠢᠵᠠᠢ᠃      ᠪᠢᠳᠠᠨ ᠢ ᠨᠠᠰᠤᠲᠠᠨ ᠲᠠᠢ ᠪᠠᠭ᠋ᠠᠨ ᠵᠣᠭᠤᠭᠳᠠᠵᠤ ᠰᠠᠭᠤᠲᠠᠯ᠎ᠠ᠂ ᠭᠠᠳᠠᠨ᠎ᠠ ᠠᠴᠠ ᠪᠠᠢ ᠭᠤᠸᠠᠩ ᠶᠤᠸᠠᠨ ᠤ ᠡᠬᠡᠨᠡᠷ ᠨᠢ ᠨᠣᠭᠤᠭ᠎ᠠ ᠮᠢᠬ᠎ᠠ ᠠᠪᠴᠤ ᠢᠷᠡᠭᠡᠳ᠂ ᠶᠠᠭᠠᠷᠠᠯᠲᠠᠢ ᠭᠡᠭᠴᠢ ᠭᠠᠯ ᠲᠣᠭᠤᠭ᠎ᠠ ᠲᠠᠢ ᠪᠠᠨ ᠨᠣᠴᠣᠯᠳᠤᠵᠤ᠂ ᠦᠳᠡ ᠶᠢᠨ ᠬᠤᠭᠤᠯᠠ ᠪᠠᠨ ᠪᠡᠯᠡᠳᠬᠡᠵᠦ ᠡᠬᠢᠯᠡᠪᠡ᠃ ᠳᠡᠮᠡᠢ ᠤᠳᠠᠯ ᠦᠭᠡᠢ᠂ ᠪᠠᠢ ᠭᠤᠸᠠᠩ ᠶᠤᠸᠠᠨ ᠴᠤ ᠪᠠᠭ᠎ᠠ ᠰᠤᠷᠭᠠᠭᠤᠯᠢ ᠶᠢᠨ ᠵᠢᠷᠭᠤᠳᠤᠭᠠᠷ ᠣᠨ ᠳᠤ ᠰᠤᠷᠤᠯᠴᠠᠵᠦ ᠪᠠᠶᠢᠭ᠎ᠠ ᠣᠮᠪᠣᠯᠣ ᠬᠦᠦ ᠪᠠᠨ ᠲᠤᠰᠤᠭᠠᠳ ᠬᠠᠷᠢᠵᠤ ᠢᠷᠡᠵᠡᠢ᠃ ᠪᠠᠢ ᠭᠤᠸᠠᠩ ᠶᠤᠸᠠᠨ ᠭᠡᠭᠴᠢ ᠠᠬ᠎ᠠ ᠪᠠᠨ ᠪᠤᠳᠤᠪᠠᠯ ᠥᠨᠳᠥᠷ ᠨᠠᠷᠢᠬᠠᠨ ᠪᠡᠶ᠎ᠡ ᠲᠠᠢ ᠪᠥᠭᠡᠳ ᠦᠰᠦ ᠭᠡᠵᠢᠭᠡ ᠨᠢ ᠠᠬ᠎ᠠ ᠠᠴᠠ ᠪᠠᠨ ᠢᠯᠡᠭᠦᠦ ᠴᠠᠶᠢᠴᠢᠬᠠᠭᠰᠠᠨ ᠬᠠᠷᠠᠪᠲᠤᠷ ᠵᠢᠰᠦ ᠲᠠᠢ ᠬᠥᠮᠥᠨ ᠪᠠᠶᠢᠯ᠎ᠠ᠃      ᠊᠊᠊᠊᠊᠊᠊ ᠠᠪᠤ ᠡᠵᠢ ᠮᠠᠨᠢ ᠡᠪᠡᠳᠴᠢᠨ ᠡᠮᠭᠡᠭ ᠲᠠᠢ ᠡᠪᠦᠭᠡ ᠡᠮᠡᠭᠡ ᠶᠢ ᠲᠡᠷᠡ ᠮᠡᠲᠦ ᠰᠠᠶᠢᠨ ᠠᠰᠠᠷᠠᠵᠤ ᠰᠤᠪᠢᠯᠠᠭᠰᠠᠨ ᠪᠥᠭᠡᠳ ᠪᠢᠳᠡ ᠴᠤ ᠭᠡᠰᠡᠨ ᠡᠪᠦᠭᠡ ᠡᠮᠡᠭᠡ ᠶᠢᠨ ᠢᠶᠠᠨ ᠠᠭᠰᠢᠭᠤᠨ ᠰᠢᠩᠭᠡᠨ ᠢ ᠨᠢ ᠠᠰᠬᠠᠬᠤ ᠠᠴᠠ ᠡᠬᠢᠯᠡᠭᠡᠳ᠂ ᠬᠤᠶᠠᠷ ᠨᠠᠰᠤᠲᠠᠨ ᠢᠶᠠᠨ ᠠᠰᠠᠷᠠᠵᠤ ᠰᠤᠪᠢᠯᠠᠬᠤ ᠠᠵᠢᠯ ᠳᠤ ᠬᠥᠯ ᠬᠤᠶᠢᠰᠢ ᠦᠭᠡᠢ ᠣᠷᠣᠯᠴᠠᠳᠠᠭ ᠪᠠᠶᠢᠭᠰᠠᠨ ᠶᠤᠮ᠃ ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠨ᠂ ᠭᠡᠷ ᠵᠠᠭᠤᠷ᠎ᠠ ᠪᠠᠨ ᠡᠶ᠎ᠡ ᠨᠠᠶᠢᠷᠲᠠᠢ ᠠᠮᠢᠳᠤᠷᠠᠬᠤ ᠨᠢ ᠮᠠᠨ ᠤ ᠭᠡᠷ ᠤᠨ ᠬᠡᠳᠦᠨ ᠦᠶ᠎ᠡ ᠶᠢᠨ ᠬᠥᠮᠥᠰ ᠤᠨ ᠰᠢᠯᠢᠳᠡᠭ ᠤᠳᠤᠮᠰᠢᠯ ᠪᠣᠯᠴᠢᠬᠠᠵᠠᠢ᠃ ᠮᠢᠨᠤ ᠡᠬᠡᠨᠡᠷ ᠬᠢᠲᠠᠳ ᠬᠥᠮᠥᠨ᠂ ᠪᠢᠳᠡ ᠬᠤᠶᠠᠭᠤᠯᠠ ᠠᠴᠠ ᠨᠢᠭᠡ ᠬᠦᠦ ᠨᠢᠭᠡ ᠥᠬᠢᠨ ᠲᠠᠢ᠂ ᠬᠦᠦ ᠪᠡᠷᠢ ᠪᠣᠯᠣᠨ ᠥᠬᠢᠨ ᠤ ᠬᠦᠷᠭᠡᠨ ᠪᠦᠷ ᠮᠣᠩᠭᠤᠯ ᠦᠨᠳᠦᠰᠦᠲᠡᠨ᠃ ᠲᠡᠶᠢᠮᠦ ᠪᠠᠷ ᠢᠶᠠᠨ ᠮᠠᠨ ᠤ ᠭᠡᠷ ᠴᠢᠨᠢ ᠭᠤᠷᠪᠠᠨ ᠦᠨᠳᠦᠰᠦᠲᠡᠨ ᠲᠠᠢ ᠲᠣᠮᠣ ᠭᠡᠷ ᠪᠦᠯᠢ᠂ ᠪᠢ ᠳᠡᠭᠡᠷ᠎ᠡ ᠪᠠᠨ ᠶᠡᠷᠡ ᠭᠠᠷᠴᠤ ᠪᠠᠶᠢᠭ᠎ᠠ ᠨᠠᠰᠤᠲᠠᠨ ᠠᠪᠤ ᠡᠵᠢ ᠲᠠᠢ᠂ ᠳᠣᠣᠷ᠎ᠠ ᠪᠠᠨ ᠠᠷᠪᠠ ᠭᠠᠷᠤᠭᠰᠠᠨ ᠣᠮᠪᠣᠯᠣ ᠲᠠᠢ ᠪᠠᠨ ᠳᠤᠯᠤᠭᠠᠨ ᠠᠮᠠ ᠪᠦᠯᠢ ᠬᠠᠮᠲᠤ ᠠᠮᠢᠳᠤᠷᠠᠵᠤ ᠪᠠᠶᠢᠨ᠎ᠠ᠃ ᠬᠠᠯᠠᠭᠤᠨ ᠳᠤᠯᠠᠭᠠᠨ ᠭᠡᠷ ᠪᠦᠯᠢ ᠭᠡᠳᠡᠭ ᠬᠠᠶᠢᠷ᠎ᠠ ᠬᠠᠷᠢᠭᠤᠴᠠᠯᠭ᠎ᠠ ᠬᠤᠶᠠᠷ ᠳᠡᠭᠡᠷ᠎ᠡ ᠲᠣᠭᠲᠠᠵᠤ ᠪᠠᠶᠢᠳᠠᠭ᠂ ᠪᠦᠷ ᠨᠢᠭᠡ ᠭᠡᠷ ᠤᠨ ᠬᠥᠮᠥᠨ ᠪᠣᠯᠴᠢᠬᠠᠭᠰᠠᠨ ᠪᠢᠳᠡᠨ ᠳᠤ ᠦᠨᠳᠦᠰᠦᠲᠡᠨ ᠤᠭᠰᠠᠭ᠎ᠠ ᠶᠢᠨ ᠭᠠᠳᠠᠭᠤᠷᠴᠢᠯᠠᠯ ᠭᠡᠵᠦ ᠶᠠᠭ ᠦᠭᠡᠢ ᠪᠥᠭᠡᠳ ᠬᠠᠷᠢᠯᠴᠠᠨ ᠬᠦᠨᠳᠦᠳᠬᠡᠨ ᠬᠠᠷᠢᠯᠴᠠᠨ ᠬᠠᠮᠵᠢᠯᠴᠠᠨ ᠬᠠᠷᠢᠯᠴᠠᠨ ᠰᠤᠷᠤᠯᠴᠠᠬᠰᠠᠭᠠᠷ ᠢᠷᠡᠵᠡᠢ᠃ ᠵᠢᠱᠢᠶᠡᠯᠡᠪᠡᠯ ᠮᠣᠩᠭᠤᠯ ᠦᠨᠳᠦᠰᠦᠲᠡᠨ ᠤ ᠤᠳᠬ᠎ᠠ ᠤᠷᠠᠯᠢᠭ ᠢ ᠪᠢ ᠮᠠᠰᠢ ᠪᠠᠭ᠋ᠠᠷᠬᠠᠳᠠᠭ᠂ ᠲᠡᠶᠢᠮᠦ ᠪᠠᠷ ᠢᠶᠠᠨ ᠤᠳᠤ ᠪᠢ ᠪᠢᠴᠢᠬᠠᠨ ᠣᠮᠪᠣᠯᠣ ᠳᠠᠭᠠᠨ ᠮᠣᠷᠢᠨ ᠬᠤᠭᠤᠷ ᠰᠤᠷᠭᠠᠵᠤ ᠪᠠᠶᠢᠨ᠎ᠠ ᠰᠢᠦ ᠭᠡᠵᠦ ᠪᠠᠢ ᠭᠤᠸᠠᠩ ᠶᠤᠸᠠᠨ ᠶᠠᠷᠢᠭᠰᠠᠨ ᠢᠶᠠᠨ ᠡᠮᠦᠨᠡᠬᠡᠨ ᠾᠧᠪᠧᠢ ᠮᠤᠵᠢ ᠶᠢᠨ ᠱᠢ ᠵᠢᠶᠠ ᠵᠤᠸᠠᠩ ᠳᠤ ᠪᠣᠯᠤᠭᠰᠠᠨ ᠳᠤᠮᠳᠠᠳᠤ ᠪᠣᠯᠣᠨ ᠴᠠᠭᠠᠨ ᠤᠷᠤᠰ ᠤᠨ ᠬᠠᠮᠲᠤᠷᠠᠯᠴᠠᠭᠰᠠᠨ ᠠᠵᠢᠯᠯᠠᠭ᠎ᠠ ᠳᠤ ᠲᠤᠬᠯᠠᠯᠲᠠ ᠭᠠᠷᠭᠠᠭᠰᠠᠨ ᠣᠮᠪᠣᠯᠣ ᠶᠢᠨ ᠢᠶᠠᠨ ᠮᠣᠩᠭᠤᠯ ᠲᠡᠷᠯᠢᠭ ᠡᠮᠦᠰᠦᠭᠡᠳ ᠮᠣᠷᠢᠨ ᠬᠤᠭᠤᠷ ᠲᠠᠲᠠᠵᠤ ᠪᠠᠶᠢᠭ᠎ᠠ ᠰᠡᠭᠦᠳᠡᠷ ᠢ ᠪᠢᠳᠡᠨ ᠳᠤ ᠦᠵᠡᠭᠦᠯᠪᠡ᠃      ᠡᠨᠡ ᠲᠡᠷᠡ ᠶᠢ ᠵᠣᠭᠤᠭᠳᠠᠨ ᠪᠠᠶᠢᠲᠠᠯ᠎ᠠ᠂ ᠡᠭᠦᠳᠡ ᠳᠤᠤᠭᠠᠷᠴᠤ ᠪᠠᠢ ᠭᠤᠸᠠᠩ ᠶᠤᠸᠠᠨ ᠤ ᠬᠦᠦ ᠪᠠᠢ ᠫᠧᠩ ᠴᠧᠩ ᠡᠬᠡᠨᠡᠷ ᠲᠠᠢ ᠪᠠᠨ ᠣᠷᠣᠭᠠᠳ ᠢᠷᠡᠬᠦ ᠨᠢ ᠲᠡᠷᠡ᠃ ᠡᠳᠡᠨ ᠤ ᠭᠡᠷ ᠤᠨ ᠬᠥᠮᠥᠰ ᠡᠭᠦᠳᠡ ᠪᠠᠨ ᠠᠯᠬᠤᠭᠠᠳ ᠣᠷᠣᠵᠤ ᠢᠷᠡᠬᠦ ᠳᠤ ᠯᠠ ᠬᠥᠮᠥᠨ ᠪᠣᠯᠭᠠᠨ ᠤ ᠴᠢᠷᠠᠢ ᠳᠤ ᠵᠣᠯ ᠵᠢᠷᠭᠠᠯ ᠤᠨ ᠮᠦᠰᠢᠶᠡᠳᠦ ᠲᠣᠳᠣᠷᠠᠵᠤ ᠪᠠᠶᠢᠭ᠎ᠠ ᠶᠢ ᠪᠢᠳᠡ ᠰᠤᠷᠪᠤᠯᠵᠢᠯᠠᠬᠴᠢ ᠬᠥᠮᠥᠨ ᠤ ᠭᠢᠷᠠᠬᠠᠢ ᠨᠢᠳᠦ ᠪᠠᠷ ᠠᠵᠢᠭᠯᠠᠵᠤ ᠠᠮᠵᠢᠯ᠎ᠠ᠃ ᠭᠡᠷ ᠲᠤᠨᠢ ᠰᠤᠷᠪᠤᠯᠵᠢᠯᠠᠬᠤ ᠪᠠᠷ ᠢᠷᠡᠭᠰᠡᠨ ᠮᠠᠨᠤᠰ ᠢ ᠲᠡᠳᠡ ᠦᠯᠦ ᠲᠠᠨᠢᠬᠤ ᠬᠥᠮᠥᠨ᠂ ᠶᠠᠷᠰᠢᠭ ᠲᠦᠪᠡᠭ ᠲᠠᠢ ᠤᠯᠤᠰ ᠭᠡᠵᠦ ᠲᠦᠪᠡᠭᠰᠢᠶᠡᠭᠰᠡᠨ ᠮᠠᠶ᠋ᠢᠭ ᠶᠠᠭ ᠦᠭᠡᠢ ᠪᠥᠭᠡᠳ ᠪᠦᠷ ᠯᠡ ᠥᠭᠡᠳᠡ ᠴᠢᠷᠠᠢ ᠲᠠᠢ ᠠᠭᠤᠯᠵᠠᠵᠤ᠂ ᠢᠳᠡᠭᠦᠯᠵᠦ ᠤᠤᠭᠤᠯᠭᠠᠬᠤ ᠬᠡᠮᠡᠨ ᠬᠠᠯᠠᠭᠤᠮᠰᠤᠭ ᠨᠢ ᠠᠷᠭ᠎ᠠ ᠦᠭᠡᠢ ᠪᠠᠶᠢᠯ᠎ᠠ᠃      ᠊᠊᠊᠊᠊᠊᠊ ᠪᠢ ᠬᠤᠰᠢᠭᠤᠨ ᠤ ᠲᠤᠷᠰᠢᠯᠲᠠ ᠶᠢᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠳᠤ ᠠᠩᠭ᠍ᠯᠢ ᠭᠡᠯᠡ ᠵᠢᠭᠠᠳᠠᠭ᠃ ᠶᠡᠷᠡ ᠭᠠᠷᠤᠭᠰᠠᠨ ᠬᠠᠳᠠᠮ ᠡᠪᠦᠭᠡ ᠡᠮᠡᠭᠡ ᠮᠠᠨᠢ ᠪᠢᠳᠡᠨ ᠲᠠᠢ ᠬᠠᠮᠲᠤ ᠰᠠᠭᠤᠳᠠᠭ ᠪᠣᠯᠬᠤᠷ ᠠᠪᠠᠭ᠎ᠠ᠂ ᠠᠪᠠᠭ᠎ᠠ ᠡᠭᠡᠴᠢ ᠨᠠᠷ ᠪᠠᠶᠢᠩᠭᠤ ᠢᠷᠡᠵᠦ ᠡᠪᠦᠭᠡ ᠡᠮᠡᠭᠡ ᠶᠢ ᠠᠰᠠᠷᠠᠨ ᠬᠠᠷᠠᠭᠠᠯᠵᠠᠳᠠᠭ᠂ ᠤᠳᠤ ᠪᠣᠯ ᠨᠡᠩ ᠡᠭᠡᠯᠵᠢ ᠬᠠᠯᠠᠭ᠎ᠠ ᠪᠠᠷ ᠵᠢᠵᠢᠭᠦᠷᠯᠡᠵᠦ ᠪᠠᠶᠢᠨ᠎ᠠ᠂ ᠡᠭᠦᠨ ᠳᠤᠨᠢ ᠪᠢᠳᠡ ᠴᠤ ᠭᠡᠰᠡᠨ ᠶᠡᠭᠡ ᠪᠠᠶᠠᠷᠯᠠᠵᠤ ᠲᠠᠯᠠᠷᠬᠠᠵᠤ ᠶᠠᠪᠤᠳᠠᠭ᠃ ᠨᠡᠩ ᠵᠢᠯ ᠴᠠᠭᠠᠨ ᠰᠠᠷ᠎ᠠ ᠪᠤᠶᠤ ᠪᠠᠶᠠᠷ ᠳᠤᠷᠠᠰᠬᠠᠯ ᠤᠨ ᠡᠳᠦᠷ ᠪᠣᠯ ᠮᠠᠨ ᠤ ᠬᠢᠨ ᠳᠤ ᠨᠠᠰᠤᠲᠠᠢ ᠵᠠᠯᠠᠭᠤ ᠪᠦᠭᠦᠳᠡᠭᠡᠷ ᠢᠶᠠᠨ ᠴᠤᠭᠯᠠᠷᠠᠭᠠᠳ ᠭᠦᠷ ᠪᠠᠶᠠᠷ ᠢᠶᠠᠷ ᠪᠢᠯᠬᠠᠳᠠᠭ᠃ ᠡᠪᠦᠭᠡ ᠡᠮᠡᠭᠡ ᠨᠠᠷ ᠠᠴᠠ ᠤᠯᠠᠮᠵᠢᠯᠠᠭᠰᠠᠨ ᠰᠢᠯᠢᠳᠡᠭ ᠤᠯᠠᠮᠵᠢᠯᠠᠯ ᠪᠠᠶᠢᠬᠤ ᠪᠣᠯᠬᠤᠷ᠂ ᠮᠠᠨ ᠤ ᠬᠢᠨ ᠠᠮᠠ ᠪᠦᠯᠢ ᠣᠯᠠᠨᠲᠠᠢ᠂ ᠦᠨᠳᠦᠰᠦᠲᠡᠨ ᠠᠳᠠᠯᠢ ᠪᠤᠰᠤ ᠪᠤᠯᠪᠠᠴᠤ ᠵᠥᠷᠢᠴᠡᠯ ᠵᠢᠭᠤᠷᠠᠯᠳᠤᠭᠠᠨ ᠬᠡᠷᠡᠭᠦᠯ ᠶᠠᠷᠭᠢᠶᠠᠨ ᠭᠡᠵᠦ ᠬᠡᠵᠢᠶᠡᠳᠡ ᠪᠠᠶᠢᠳᠠᠭ ᠦᠭᠡᠢ᠂ ᠤᠴᠢᠷ ᠨᠢ ᠪᠢᠳᠡ ᠪᠠᠰᠠ ᠬᠤᠵᠢᠮ ᠪᠦᠷ ᠥᠲᠡᠯᠦᠨ᠎ᠡ᠂ ᠥᠲᠡᠯᠵᠦ ᠬᠥᠭᠰᠢᠷᠡᠬᠦ  ᠠᠴᠠ ᠮᠤᠯᠲᠤᠷᠠᠵᠤ ᠴᠢᠳᠠᠬᠤ ᠬᠥᠮᠥᠨ ᠦᠭᠡᠢ᠂ ᠡᠶᠢᠮᠦ ᠠᠴᠠ ᠦᠷ᠎ᠡ ᠬᠡᠦᠬᠡᠳ ᠲᠡᠭᠡᠨ ᠰᠠᠶᠢᠨ ᠦᠯᠢᠭᠡᠷ ᠳᠠᠭᠤᠷᠢᠶᠠᠯ ᠪᠤᠯᠬᠤ ᠶᠢ ᠪᠢᠳᠡ ᠪᠦᠷ ᠬᠢᠴᠢᠶᠡᠳᠡᠭ᠃ ᠤᠳᠤ ᠮᠢᠨᠤ ᠬᠦᠦ ᠴᠤ ᠡᠪᠦᠭᠡ ᠡᠮᠡᠭᠡ ᠪᠠᠨ ᠬᠠᠮᠵᠢᠨ ᠨᠠᠰᠤᠲᠠᠢ ᠡᠯᠦᠨᠴᠡ ᠪᠠᠨ ᠠᠰᠠᠷᠠᠬᠤ ᠳᠤ ᠲᠤᠰᠠ ᠳᠡᠮ ᠪᠣᠯᠴᠢᠬᠠᠳᠠᠭ ᠰᠢᠦ᠃ ᠪᠦᠭᠦ ᠭᠡᠷ ᠤᠨ ᠢᠶᠠᠨ ᠰᠠᠶᠢᠨ ᠰᠠᠶᠢᠬᠠᠨ ᠤ ᠲᠥᠯᠥᠭᠡ ᠦᠳᠡᠯᠦᠭᠡ ᠵᠠᠯᠠᠭᠤ ᠪᠦᠭᠦᠳᠡᠭᠡᠷ ᠢᠶᠠᠨ ᠨᠢᠭᠡ ᠯᠠ ᠰᠡᠳᠬᠢᠯ ᠢᠶᠠᠷ ᠴᠢᠷᠮᠠᠶᠢᠵᠤ ᠪᠠᠶᠢᠳᠠᠭ ᠠᠴᠠ ᠶᠠᠳᠠᠷᠠᠯᠲᠠᠢ ᠪᠠᠶᠢᠭᠰᠠᠨ ᠴᠤ ᠵᠢᠷᠭᠠᠯᠲᠠᠢ ᠰᠠᠨᠠᠭᠳᠠᠳᠠᠭ ᠭᠡᠵᠦ ᠪᠠᠢ ᠭᠤᠸᠠᠩ ᠶᠤᠸᠠᠨ ᠤ ᠬᠦᠦ ᠪᠡᠷᠢ ᠸᠠᠩ ᠳ᠋ᠠᠨ ᠰᠣᠷᠪᠤᠯᠵᠢᠯᠠᠭ᠎ᠠ ᠬᠦᠯᠢᠶᠡᠬᠦ ᠳᠡᠭᠡᠨ ᠶᠠᠷᠢᠵᠤ ᠪᠠᠶᠢᠯ᠎ᠠ᠃      ︽ᠥᠰᠬᠦ ᠮᠠᠯ ᠤᠨ ᠵᠢᠰᠦ ᠨᠢ ᠨᠢᠭᠡ᠂ ᠥᠭᠡᠳᠡᠯᠡᠬᠦ ᠭᠡᠷ ᠤᠨ ᠦᠭᠡ ᠨᠢ ᠨᠢᠭᠡ︾ ᠭᠡᠳᠡᠭ ᠢᠶᠠᠷ᠂ ᠪᠠᠢ ᠭᠤᠸᠠᠩ ᠶᠤᠸᠠᠨ ᠤ ᠬᠢᠨ ᠤ ᠬᠡᠨ ᠨᠢ ᠪᠤᠯᠪᠠᠴᠦ ᠬᠠᠶᠢᠷ᠎ᠠ ᠪᠢᠯᠬᠠᠭᠰᠠᠨ ᠬᠠᠯᠠᠭᠤᠨ ᠳᠤᠯᠠᠭᠠᠨ ᠭᠡᠷ ᠪᠦᠯᠢ ᠪᠠᠷ ᠢᠶᠠᠨ ᠪᠠᠭ᠋ᠠᠷᠬᠠᠵᠤ᠂ ᠬᠤᠪᠢ ᠬᠤᠪᠢᠨ ᠳᠠᠭᠠᠨ ᠪᠦᠷ ᠵᠣᠯ ᠵᠢᠷᠭᠠᠯᠲᠠᠢ ᠰᠠᠨᠠᠭᠳᠠᠵᠤ᠂ ᠨᠠᠰᠤᠲᠠᠨ ᠢᠶᠠᠨ ᠬᠦᠨᠳᠦᠯᠡᠨ ᠨᠢᠯᠬᠠᠰ ᠢᠶᠠᠨ ᠬᠠᠶᠢᠷᠠᠯᠠᠨ᠂ ᠲᠤᠰ ᠲᠤᠰ ᠤᠨ ᠬᠤᠪᠢᠳᠠᠭᠰᠠᠨ ᠠᠵᠢᠯ ᠳᠠᠭᠠᠨ ᠰᠢᠭᠤᠷᠬᠠᠶᠢᠯᠠᠨ ᠠᠵᠠ ᠵᠢᠷᠭᠠᠯᠲᠤ ᠠᠮᠢᠳᠤᠷᠠᠯ ᠢᠶᠠᠨ ᠴᠣᠭᠴᠠᠯᠠᠵᠤ ᠪᠠᠶᠢᠭ᠎ᠠ ᠨᠢ ᠪᠠᠭ᠋ᠠᠳᠤᠭᠤᠰᠢᠲᠠᠢ᠃ ᠳᠡᠳᠡᠨ ᠤ ᠬᠢᠨ ᠡᠨᠡ ᠮᠡᠲᠦ ᠪᠠᠷ ᠭᠤᠷᠪᠠᠨ ᠦᠨᠳᠦᠰᠦᠲᠡᠨ ᠤ ᠬᠥᠮᠥᠰ ᠨᠢᠭᠡ ᠭᠡᠷ ᠪᠦᠯᠢ ᠳᠤ ᠳᠦᠷᠪᠡᠨ ᠦᠶ᠎ᠡ ᠪᠠᠷ ᠢᠶᠠᠨ ᠡᠶ᠎ᠡ ᠨᠠᠶᠢᠷᠲᠠᠢ ᠬᠠᠮᠲᠤ ᠠᠮᠢᠳᠤᠷᠠᠵᠤ᠂ ᠠᠨᠠᠷ ᠤᠨ ᠦᠷ᠎ᠡ ᠮᠡᠲᠦ ᠪᠦᠯᠬᠦᠮᠳᠡᠨ ᠨᠢᠭᠲᠠᠷᠠᠵᠤ᠂ ᠦᠨᠳᠦᠰᠦᠲᠡᠨ ᠤ ᠪᠦᠯᠬᠦᠮᠳᠡᠯ ᠤᠨ ᠦᠯᠢᠭᠡᠷ ᠵᠢᠱᠢᠶ᠎ᠡ ᠪᠣᠯᠵᠤ᠂ ᠨᠡᠶᠢᠲᠡ ᠲᠦᠮᠡᠨ ᠳᠡᠭᠡᠨ ᠱᠠᠭᠰᠢᠭᠳᠠᠵᠤ ᠪᠠᠶᠢᠨ᠎ᠠ᠃ 
ᠢᠷᠡᠯᠲᠡ᠄ ᠲᠥᠩᠯᠢᠶᠣᠣ ᠮᠣᠩᠭᠤᠯ ᠰᠦᠯᠵᠢᠶ᠎ᠡ