ᠬᠠᠯᠠᠭᠤᠨ ᠬᠠᠶᠢᠷ᠎ᠠ ᠪᠠᠷ ᠲᠤᠯᠵᠤ ᠪᠣᠰᠬᠠᠭᠰᠠᠨ ᠠᠮᠢᠳᠤᠷᠠᠯ
ᠨᠡᠶᠢᠲᠡᠯᠡᠭᠰᠡᠨ ᠴᠠᠭ᠄
2025/4/9
          ᠊᠊᠊᠊᠊᠊᠊᠊᠊᠊ ︽ᠲᠦᠩᠯᠢᠶᠣᠣ ᠬᠤᠳᠠ ᠶᠢᠨ ᠰᠠᠶᠢᠨ ᠬᠥᠮᠥᠨ︾ ᠵᠠᠩ ᠬᠤᠸᠠ ᠶᠢᠨ ᠭᠡᠷ ᠪᠦᠯᠢ ᠶᠢ ᠲᠡᠮᠳᠡᠭᠯᠡᠪᠡ                   ᠰᠤᠷᠪᠤᠯᠵᠢᠯᠠᠬᠴᠢ ᠄ ᠨᠠᠷᠠᠨᠲᠤᠶᠠᠭ᠎ᠠ                   ᠴᠢᠮᠡᠭᠡᠯᠡᠭᠴᠢ᠄ ᠶᠢᠨ ᠯᠢᠩ ᠶᠠᠩ ᠸᠧᠢ ᠬᠤᠸᠠ      ᠵᠠᠷᠤᠳ ᠬᠤᠰᠢᠭᠤᠨ ᠤ ᠪᠠᠶᠠᠨᠲᠠᠯ᠎ᠠ ᠰᠤᠮᠤ ᠶᠢᠨ ᠴᠢᠩ ᠯᠦᠩ ᠭᠧᠦ ᠲᠣᠰᠬᠤᠨ ᠤ ᠠᠷᠠᠳ ᠵᠠᠩ ᠬᠤᠸᠠ ᠶᠢ ᠳᠤᠷᠠᠳᠬᠤ ᠪᠠᠷ ᠨᠤᠲᠤᠭ ᠤᠨ ᠬᠢᠨ ᠡᠷᠡᠬᠡᠢ ᠭᠠᠷᠭᠠᠨ ᠮᠠᠭᠲᠠᠵᠠᠭᠠᠨ᠎ᠠ᠃ ᠠᠮᠢᠳᠤᠷᠠᠯ ᠲᠡᠭᠦᠨ ᠢ ᠶᠠᠭᠠᠬᠢᠵᠤ ᠲᠠᠷᠴᠢᠯᠠᠭᠠᠭᠰᠠᠨ ᠴᠤ ᠲᠡᠷᠡ ᠶᠡᠷᠦ ᠠᠴᠠ ᠵᠣᠷᠢᠭ ᠮᠣᠬᠤᠵᠤ ᠥᠩᠭᠡᠷᠡᠭᠰᠡᠨ ᠦᠭᠡᠢ᠃ ᠲᠡᠷᠡ ᠨᠢᠮᠭᠡᠨ ᠮᠥᠷᠥ ᠶᠢᠨ ᠬᠦᠴᠦ ᠪᠠᠷ ᠢᠶᠠᠨ ᠨᠢᠭᠡ ᠭᠡᠷ ᠤᠨ ᠢᠶᠠᠨ ᠬᠦᠰᠡᠯ ᠡᠷᠡᠮᠡᠯᠵᠡᠯ ᠢ ᠠᠴᠢᠵᠤ᠂ ᠬᠦᠨᠳᠦ ᠡᠪᠡᠳᠴᠢᠯᠡᠭᠰᠡᠨ ᠬᠠᠳᠠᠮ ᠠᠪᠤ ᠡᠵᠢ ᠪᠠᠨ ᠲᠦᠷᠪᠡᠨ ᠵᠢᠯ ᠭᠠᠷᠤᠢ ᠠᠰᠠᠷᠠᠵᠤ᠂ 5 ᠵᠢᠯ ᠤᠨ ᠴᠢᠷᠮᠠᠶᠢᠯᠭ᠎ᠠ ᠪᠠᠷ ᠢᠶᠠᠨ ᠲᠠᠮᠪᠠᠷᠠᠭᠰᠠᠨ ᠡᠷ᠎ᠡ ᠨᠥᠬᠦᠷ ᠢᠶᠠᠨ ᠡᠳᠡᠭᠡᠷᠡᠭᠦᠯᠵᠦ᠂ ᠭᠤᠷᠪᠠᠨ ᠦᠷ᠎ᠡ ᠬᠡᠦᠬᠡᠳ ᠢᠶᠠᠨ ᠡᠷᠡᠭᠦᠯ ᠢᠶᠠᠷ ᠥᠰᠬᠡᠨ ᠪᠣᠶᠢᠵᠢᠭᠤᠯᠵᠠᠢ᠃ ᠨᠠᠰᠤᠲᠠᠨ ᠢᠶᠠᠨ ᠠᠴᠢᠯᠠᠵᠤ ᠲᠦᠷᠦᠯ ᠰᠠᠳᠤᠨ ᠢᠶᠠᠨ ᠬᠠᠶᠢᠷᠠᠯᠠᠬᠤ ᠪᠣᠯ ᠲᠡᠭᠦᠨ ᠤ ᠪᠠᠷᠢᠮᠲᠠᠯᠠᠭᠰᠠᠭᠠᠷ ᠢᠷᠡᠭᠰᠡᠨ ᠠᠮᠢᠳᠤᠷᠠᠯ ᠤᠨ ᠵᠠᠷᠴᠢᠮ ᠪᠣᠯᠣᠨ᠎ᠠ ᠃ 2022 ᠣᠨ ᠳᠤ ᠲᠡᠷᠡ ︽ᠲᠦᠩᠯᠢᠶᠣᠣ ᠬᠤᠳᠠ ᠶᠢᠨ ᠰᠠᠶᠢᠨ ᠬᠥᠮᠥᠨ︾ ᠢᠶᠠᠷ ᠵᠢᠭᠰᠠᠭᠠᠭᠳᠠᠪᠠ᠃       ᠨᠢᠭᠡ ᠭᠡᠷ ᠢᠶᠠᠷ ᠢᠶᠠᠨ ᠪᠠᠶᠠᠷ ᠭᠦᠷ ᠲᠠᠢ ᠵᠣᠭᠤᠭ ᠳᠡᠯᠭᠡᠨ ᠰᠠᠭᠤᠬᠤ ᠪᠣᠯ ᠨᠢᠭᠡ ᠭᠡᠷ ᠤᠨ ᠡᠩ ᠤᠨ ᠦᠵᠡᠭᠳᠡᠯ ᠪᠠᠶᠢᠵᠤ ᠲᠠᠭᠠᠷᠠᠨ᠎ᠠ᠃ ᠭᠡᠪᠡᠴᠦ ᠬᠡᠳᠦᠨ ᠵᠢᠯ ᠤᠨ ᠡᠮᠦᠨ᠎ᠡ ᠠᠴᠠ ᠦᠵᠡᠬᠦ ᠳᠤ ᠡᠪ ᠡᠩ ᠤᠨ ᠠᠮᠢᠳᠤᠷᠠᠯ ᠢ ᠵᠠᠩ ᠬᠤᠸᠠ ᠬᠦᠰᠡᠭᠡᠳ ᠣᠯᠬᠤ ᠦᠭᠡᠢ ᠪᠣᠯᠴᠢᠬᠠᠵᠠᠢ᠃ 1965 ᠣᠨ ᠤ 8 ᠰᠠᠷ᠎ᠠ ᠳᠤ᠂ ᠵᠠᠩ ᠬᠤᠸᠠ ᠪᠠᠶᠠᠨᠲᠠᠯ᠎ᠠ ᠰᠤᠮᠤ ᠶᠢᠨ ᠴᠢᠩ ᠯᠦᠩ ᠭᠧᠦ ᠲᠣᠰᠬᠤᠨ ᠳᠤ ᠲᠦᠷᠦᠵᠦ ᠥᠰᠴᠦ᠂ 22 ᠨᠠᠰᠤᠲᠠᠢ ᠳᠠᠭᠠᠨ ᠡᠷ᠎ᠡ ᠨᠥᠬᠦᠷ ᠯᠢ ᠬᠠᠢ ᠫᠧᠩ ᠲᠠᠢ ᠪᠠᠨ ᠭᠡᠷ ᠪᠦᠯᠢ ᠪᠣᠯᠤᠭᠰᠠᠨ ᠪᠠᠶᠢᠨ᠎ᠠ᠃ ᠡᠷ᠎ᠡ ᠡᠮ᠎ᠡ ᠬᠤᠶᠠᠭᠤᠯᠠ ᠪᠠᠨ ᠨᠢᠭᠡᠨ ᠨᠢᠭᠡᠨ ᠳᠡᠭᠡᠨ ᠲᠦᠰᠢᠭ ᠪᠣᠯᠵᠤ ᠭᠡᠷ ᠬᠤᠲᠠᠯᠠᠭᠠᠷ ᠢᠶᠠᠨ ᠪᠠᠶᠠᠷ ᠪᠠᠶᠠᠰᠬᠤᠯᠠᠩ ᠲᠠᠢ ᠠᠮᠢᠳᠤᠷᠠᠵᠤ ᠪᠠᠶᠢᠵᠠᠢ᠃ ᠭᠡᠶ᠎ᠡ᠂ ᠭᠠᠢ ᠭᠠᠵᠠᠷ ᠳᠣᠣᠷ᠎ᠠ ᠠᠴᠠ ᠭᠡᠳᠡᠭ ᠢᠶᠠᠷ 2008 ᠣᠨ ᠳᠤ ᠵᠠᠩ ᠬᠤᠸᠠ ᠶᠢᠨ ᠬᠠᠳᠠᠮ ᠠᠪᠤ ᠨᠢ ᠥᠮᠡᠨ ᠡᠪᠡᠳᠴᠢᠨ ᠳᠤ ᠨᠡᠷᠪᠡᠭᠳᠡᠵᠦ᠂ ᠬᠠᠳᠠᠮ ᠡᠵᠢ ᠨᠢ ᠴᠤ ᠪᠠᠭ᠎ᠠ ᠲᠠᠷᠢᠬᠢᠨ ᠤ ᠡᠪᠡᠳᠴᠢᠨ ᠳᠤ ᠨᠡᠷᠪᠡᠭᠳᠡᠪᠡ᠂ ᠡᠨᠡ ᠨᠢ ᠲᠡᠳᠡᠨ ᠤ ᠬᠢᠨ ᠳᠤ ᠮᠠᠰᠢ ᠶᠡᠭᠡ ᠳᠠᠷᠤᠭᠠᠰᠤ ᠶᠢ ᠠᠪᠴᠢᠷᠠᠪᠠ᠃ ︽ᠲᠤᠬᠠᠢ ᠶᠢᠨ ᠦᠶ᠎ᠡ ᠳᠤ ᠦᠨᠡᠬᠡᠷ ᠰᠠᠨᠳᠤᠷᠴᠠᠢ᠃ ᠬᠤᠶᠠᠷ ᠡᠪᠡᠳᠴᠢᠲᠡᠨ᠂ ᠪᠢ ᠪᠠᠰᠠ ᠭᠠᠭᠴᠠᠭᠠᠷ ᠢᠶᠠᠨ ᠬᠡᠦᠬᠡᠳ ᠢᠶᠠᠨ ᠬᠠᠷᠠᠵᠤ ᠪᠠᠶᠢᠪᠠ᠂ ᠲᠡᠭᠷᠢ ᠨᠤᠷᠠᠴᠢᠬᠠᠭᠰᠠᠨ ᠰᠢᠭ᠋ ᠰᠠᠨᠠᠭᠳᠠᠵᠠᠢ︾ ᠭᠡᠵᠦ ᠵᠠᠩ ᠬᠤᠸᠠ ᠲᠤᠬᠠᠢ ᠶᠢᠨ ᠪᠠᠶᠢᠳᠠᠯ ᠢᠶᠠᠨ ᠡᠷᠭᠢᠴᠡᠭᠦᠯᠦᠨ ᠬᠡᠯᠡᠨ᠎ᠡ᠃       ᠡᠶᠢᠮᠦ ᠪᠠᠶᠢᠳᠠᠯ ᠤᠨ ᠳᠣᠣᠷ᠎ᠠ᠂ ᠵᠠᠩ ᠬᠤᠸᠠ ᠬᠤᠶᠢᠰᠢ ᠤᠬᠤᠷᠢᠭᠰᠠᠨ ᠦᠭᠡᠢ᠂ ᠬᠠᠷᠢᠨ ᠡᠷ᠎ᠡ ᠨᠥᠬᠦᠷ ᠲᠠᠢ ᠪᠠᠨ ᠬᠠᠮᠲᠤ ᠪᠠᠷ ᠬᠤᠶᠠᠷ ᠨᠠᠰᠤᠲᠠᠨ ᠢ ᠠᠰᠠᠷᠠᠨ ᠬᠠᠷᠠᠭᠠᠯᠵᠠᠬᠤ ᠬᠦᠨᠳᠦ ᠡᠭᠦᠷᠭᠡ ᠶᠢ ᠡᠭᠦᠷᠭᠡᠯᠡᠬᠦ ᠪᠠᠷ ᠰᠢᠢᠳᠴᠡᠢ᠃ ᠲᠡᠳᠡ ᠬᠤᠨᠢ ᠪᠠᠨ ᠬᠤᠳᠠᠯᠳᠤᠵᠤ ᠠᠵᠤ ᠠᠬᠤᠢ ᠶᠢᠨ ᠳᠠᠷᠤᠯᠲᠠ ᠪᠠᠨ ᠬᠥᠩᠭᠡᠷᠡᠭᠦᠯᠵᠦ᠂ ᠬᠠᠳᠠᠮ ᠠᠪᠤ ᠡᠵᠢ ᠪᠠᠨ ᠨᠠᠷᠢᠨ ᠨᠢᠮᠪᠠᠢ ᠠᠰᠠᠷᠠᠨ᠂ ᠡᠳᠦᠷ ᠲᠣᠳᠣᠮ ᠤᠨ ᠠᠮᠢᠳᠤᠷᠠᠯ ᠢᠶᠠᠨ ᠳᠣᠳᠣᠮᠳᠠᠵᠤ᠂ ᠨᠢᠭᠡ ᠮᠡᠳᠡᠬᠦ ᠳᠤ 10 ᠵᠢᠯ ᠥᠩᠭᠡᠷᠡᠴᠢᠬᠡᠭᠰᠡᠨ ᠪᠠᠶᠢᠯ᠎ᠠ᠃       ᠬᠠᠳᠠᠮ ᠡᠵᠢ ᠶᠢ ᠬᠤᠭᠤᠯᠠ ᠢᠳᠡᠭᠦᠯᠬᠦ ᠳᠤ ᠤᠷᠢᠳ ᠢᠶᠠᠷ ᠬᠦᠷᠳᠦᠲᠦ ᠰᠠᠨᠳᠠᠯᠢ ᠳᠡᠭᠡᠷ᠎ᠡ ᠲᠡᠪᠡᠷᠢᠨ ᠰᠠᠭᠤᠯᠭᠠᠭᠠᠳ ᠨᠢᠭᠡ ᠨᠢᠭᠡ ᠬᠠᠯᠪᠠᠭ᠎ᠠ ᠪᠠᠷ ᠲᠡᠵᠢᠭᠡᠨ᠎ᠡ᠃ ᠲᠡᠷᠡ ᠮᠢᠨᠲᠤᠤᠷ ᠢᠳᠡᠬᠦ ᠳᠤᠷᠠᠲᠠᠢ᠂ ᠬᠡᠷᠪᠡ ᠲᠡᠭᠦᠨ ᠤ ᠳᠤᠷᠠᠰᠢᠯ ᠳᠤᠨᠢ ᠲᠠᠭᠠᠷᠠᠬᠤ ᠦᠭᠡᠢ ᠪᠣᠯ ᠪᠠᠰᠠ ᠠᠮᠠ ᠪᠠᠨ ᠠᠩᠭᠠᠶᠢᠵᠤ ᠥᠭᠬᠦ ᠦᠭᠡᠢ ᠰᠢᠦ ᠁    ᠵᠠᠩ ᠬᠤᠸᠠ ᠬᠡᠳᠦᠶᠢᠪᠡᠷ ᠲᠡᠰᠪᠦᠷᠢ ᠬᠠᠲᠠᠭᠤᠵᠢᠯᠲᠠᠢ ᠠᠵᠢᠯᠯᠠᠵᠤ ᠠᠮᠢᠳᠤᠷᠠᠳᠠᠭ ᠪᠤᠯᠪᠠᠴᠣ ᠬᠤᠪᠢ ᠵᠠᠶᠠᠭ᠎ᠠ ᠶᠡᠷᠦ ᠠᠴᠠ ᠲᠡᠭᠦᠨ ᠢ ᠲᠣᠯᠣᠭᠠᠢ ᠥᠨᠳᠡᠶᠢᠯᠭᠡᠬᠦ ᠦᠭᠡᠢ ᠪᠠᠶᠢᠪᠠ᠃ ᠭᠡᠨᠡᠳᠲᠡ ᠨᠢᠭᠡ ᠡᠳᠦᠷ᠂ ᠵᠠᠩ ᠬᠤᠸᠠ ᠶᠢᠨ ᠡᠷ᠎ᠡ ᠨᠥᠬᠦᠷ ᠯᠢ ᠬᠠᠢ ᠫᠧᠩ ᠤᠨ ᠲᠠᠷᠢᠬᠢᠨ ᠤ ᠲᠣᠣᠷᠯᠢᠭ ᠪᠦᠷᠬᠦᠪᠴᠢ ᠶᠢᠨ ᠳᠣᠣᠷ᠎ᠠ ᠬᠥᠨᠳᠡᠢ ᠳᠤᠨᠢ ᠴᠢᠰᠤ ᠬᠠᠷᠪᠤᠵᠤ᠂ ᠡᠨᠡ ᠠᠵᠠ ᠪᠤᠰᠤ ᠭᠡᠷ ᠲᠤ ᠪᠠᠰᠠ ᠨᠢᠭᠡᠨ ᠬᠦᠨᠳᠦ ᠴᠣᠬᠢᠯᠲᠠ ᠥᠭᠭᠦᠭᠰᠡᠨ ᠪᠠᠶᠢᠨ᠎ᠠ᠃ ᠨᠢᠭᠡ ᠡᠳᠦᠷ ᠨᠢᠭᠡ ᠰᠥᠨᠢ ᠶᠢᠨ ᠠᠪᠤᠷᠠᠯᠲᠠ ᠬᠢᠬᠦ ᠪᠠᠷ ᠳᠠᠮᠵᠢᠨ ᠡᠷ᠎ᠡ ᠨᠥᠬᠦᠷ ᠨᠢ ᠠᠮᠢ ᠨᠠᠰᠤᠨ ᠤ ᠠᠶᠤᠯ ᠠᠴᠠ ᠮᠤᠯᠲᠤᠷᠠᠵᠠᠢ᠂ ᠬᠡᠳᠦᠶᠢᠪᠡᠷ ᠮᠡᠰᠡ ᠵᠠᠰᠠᠯ ᠬᠢᠭᠡᠳ ᠠᠮᠵᠢᠯᠲᠠ ᠣᠯᠣᠭᠰᠠᠨ ᠪᠤᠯᠪᠠᠴᠤ ᠡᠭᠦᠨ ᠠᠴᠠ ᠬᠤᠶᠢᠰᠢ ᠡᠷ᠎ᠡ ᠨᠥᠬᠦᠷ ᠨᠢ ᠬᠡᠪ ᠤᠨ ᠪᠠᠶᠢᠳᠠᠯ ᠳᠠᠭᠠᠨ ᠣᠷᠣᠵᠤ ᠴᠢᠳᠠᠬᠤ ᠡᠰᠡᠬᠦ ᠶᠢ ᠮᠡᠳᠡᠬᠦ ᠦᠭᠡᠢ ᠭᠡᠵᠦ ᠮᠡᠳᠡᠭᠳᠡᠪᠡ᠃ ᠮᠡᠳᠡᠭᠡ ᠰᠡᠭᠡᠭᠡ ᠦᠭᠡᠢ ᠬᠡᠪᠲᠡᠷᠢ ᠳᠤ ᠣᠷᠣᠭᠰᠠᠨ ᠡᠷ᠎ᠡ ᠨᠥᠬᠦᠷ᠂ ᠬᠦᠨᠳᠦ ᠡᠪᠡᠳᠴᠢᠨ ᠲᠠᠢ ᠬᠤᠶᠠᠷ ᠨᠠᠰᠤᠲᠠᠨ ᠪᠠ ᠭᠤᠷᠪᠠᠨ ᠬᠡᠦᠬᠡᠳ ᠢᠶᠠᠨ ᠬᠠᠮᠢᠶᠠᠷᠤᠨ᠎ᠠ ᠭᠡᠬᠦ ᠠᠴᠠ ᠲᠡᠷᠡ ᠨᠢᠭᠡ ᠯᠡ ᠬᠦᠨᠳᠦ ᠳᠠᠷᠤᠭᠠᠰᠤ ᠲᠠᠢ ᠪᠠᠶᠢᠪᠠ᠃ ︽ᠲᠡᠷᠡ ᠵᠣᠨ ᠪᠣᠯ ᠮᠢᠨᠤ ᠬᠠᠮᠤᠭ ᠤᠨ ᠬᠦᠴᠢᠷᠲᠡᠢ ᠥᠩᠭᠡᠷᠡᠭᠡᠭᠰᠡᠨ ᠵᠣᠨ ᠪᠣᠯᠣᠨ᠎ᠠ︾ ᠭᠡᠵᠦ ᠵᠠᠩ ᠬᠤᠸᠠ ᠥᠩᠭᠡᠷᠡᠭᠰᠡᠨ ᠢᠶᠠᠨ ᠡᠷᠭᠢᠴᠡᠭᠦᠯᠦᠨ ᠶᠠᠷᠢᠨ᠎ᠠ᠃       ᠬᠠᠳᠠᠮ ᠠᠪᠤ ᠪᠣᠯᠣᠨ ᠡᠷ᠎ᠡ ᠨᠥᠬᠦᠷ ᠨᠢᠭᠡ ᠭᠡᠷ ᠲᠤ ᠬᠡᠪᠲᠡᠨ᠎ᠡ᠂ ᠪᠢ ᠬᠠᠳᠠᠮ ᠡᠵᠢ ᠲᠠᠢ ᠪᠠᠨ ᠨᠦᠭᠦᠭᠡ ᠭᠡᠷ ᠲᠤ ᠬᠤᠨᠣᠨ᠎ᠠ᠂ ᠡᠳᠦᠷ ᠪᠣᠯᠭᠠᠨ ᠥᠷᠯᠥᠭᠡ ᠪᠣᠰᠣᠭᠰᠠᠭᠠᠷ ᠤᠷᠢᠳ ᠢᠶᠠᠷ ᠬᠠᠳᠠᠮ ᠡᠵᠢ ᠶᠢᠨ ᠨᠢᠭᠤᠷ ᠭᠠᠷ ᠢ ᠨᠢ ᠤᠬᠢᠶᠠᠵᠤ ᠴᠡᠪᠡᠷᠯᠡᠭᠡᠳ᠂ ᠰᠢᠭᠡᠰᠦᠨ ᠳᠡᠪᠢᠰᠬᠡᠷ ᠢ ᠨᠢ ᠰᠣᠯᠢᠵᠤ ᠪᠠᠷᠠᠴᠢᠬᠠᠭᠠᠳ ᠪᠤᠳᠠᠭ᠎ᠠ ᠢᠳᠡᠭᠦᠯᠦᠨ᠎ᠡ᠃ ᠲᠠᠭᠢᠭᠠᠳ ᠨᠦᠭᠦᠭᠡ ᠬᠤᠶᠠᠷ ᠡᠪᠡᠳᠴᠢᠲᠡᠨ ᠢ ᠠᠰᠠᠷᠠᠵᠤ ᠬᠠᠷᠠᠭᠠᠯᠵᠠᠨ᠎ᠠ᠃ ᠨᠢᠭᠡ ᠡᠳᠦᠷ ᠪᠣᠷᠪᠢ ᠪᠣᠬᠢᠰᠬᠢᠯ ᠦᠭᠡᠢ ᠠᠵᠢᠯᠯᠠᠨ᠎ᠠ᠂ ᠤᠲᠦ ᠪᠤᠲᠦᠪᠠᠯ ᠬᠦᠴᠦ ᠲᠡᠩᠬᠡᠭᠡ ᠬᠠᠮᠢᠭ᠎ᠠ ᠠᠴᠠ ᠢᠷᠡᠭᠰᠡᠨ ᠢ ᠪᠤᠤ ᠮᠡᠳᠡ ᠭᠡᠵᠦ ᠵᠠᠩ ᠬᠤᠸᠠ ᠵᠣᠷᠢᠭ ᠢᠶᠠᠨ ᠴᠢᠩᠭᠠᠯᠠᠨ ᠨᠢᠳᠦᠨ ᠳᠡᠭᠡᠨ ᠵᠠᠶᠢᠷ ᠲᠠᠢ ᠬᠡᠯᠡᠨ᠎ᠡ᠃       ᠲᠡᠷᠡ ᠪᠦᠭᠦ ᠰᠡᠳᠬᠢᠯ ᠪᠦᠭᠦ ᠵᠣᠷᠢᠭ ᠢᠶᠠᠷ ᠢᠶᠠᠨ ᠠᠰᠠᠷᠠᠵᠤ ᠬᠠᠷᠠᠭᠠᠯᠵᠠᠭᠰᠠᠨ ᠪᠤᠯᠪᠠᠴᠣ ᠬᠠᠳᠠᠮ ᠠᠪᠤ ᠡᠵᠢ ᠨᠢ ᠬᠡᠳᠦᠨ ᠵᠢᠯ ᠤᠨ ᠲᠠᠷᠠᠭ᠎ᠠ ᠬᠤᠶᠢᠨ᠎ᠠ ᠬᠤᠶᠢᠨ᠎ᠠ ᠠᠴᠠ ᠪᠠᠨ ᠨᠠᠰᠤ ᠪᠠᠷᠠᠵᠠᠢ᠃ ᠨᠠᠰᠤ ᠪᠠᠷᠠᠬᠤ ᠠᠴᠠ ᠪᠠᠨ ᠡᠮᠦᠨ᠎ᠡ ᠬᠠᠳᠠᠮ ᠠᠪᠤ ᠨᠢ ᠴᠢᠳᠠᠯ ᠢᠶᠠᠨ ᠰᠢᠪᠬᠠᠨ ᠵᠠᠩ ᠬᠤᠸᠠ ᠶᠢᠨ ᠭᠠᠷ ᠢ ᠠᠳᠬᠤᠨ᠄ ︽ᠴᠢ ᠡᠨᠡ ᠭᠡᠷ ᠲᠤ ᠮᠣᠷᠳᠠᠭᠠᠳ ᠦᠨᠡᠬᠡᠷ ᠶᠠᠳᠠᠷᠠᠵᠤ ᠵᠦᠳᠡᠷᠡᠯ᠎ᠡ︾ ᠭᠡᠨ᠎ᠡ᠃ ᠡᠨᠡ ᠦᠭᠡ ᠶᠢ ᠨᠢ ᠰᠣᠨᠣᠰᠤᠭᠠᠳ᠂ ᠵᠠᠩ ᠬᠤᠸᠠ ᠲᠡᠰᠬᠡᠯ ᠦᠭᠡᠢ ᠨᠢᠯᠪᠤᠰᠤ ᠠᠰᠬᠠᠷᠠᠭᠤᠯᠵᠤ᠂ ᠲᠠᠭᠤ ᠲᠠᠯᠪᠢᠨ ᠣᠭᠢᠯᠠᠴᠢᠬᠠᠯ᠎ᠠ ᠭᠡᠯᠲᠡᠢ᠃       ᠲᠡᠷᠡ ᠦᠶ᠎ᠡ ᠳᠤ ᠵᠠᠩ ᠬᠤᠸᠠ ᠬᠠᠳᠠᠮ ᠠᠪᠤ ᠳᠠᠭᠠᠨ ᠲᠠ ᠰᠠᠨᠠᠭ᠎ᠠ ᠠᠮᠤᠷ ᠪᠠᠢ᠂ ᠬᠦᠦ ᠶᠢ ᠴᠢᠨᠢ ᠯᠠᠪᠲᠠᠢ ᠰᠠᠶᠢᠨ ᠠᠰᠠᠷᠠᠨ᠎ᠠ᠂ ᠡᠨᠡ ᠭᠡᠷ ᠪᠠᠰᠠ ᠯᠠᠪᠲᠠᠢ ᠥᠭᠡᠳᠡ ᠡᠰᠡᠷᠡᠭ ᠪᠤᠯᠬᠤ ᠶᠤᠮ ᠠ᠋ ᠭᠡᠵᠦ ᠬᠡᠯᠡᠬᠦ ᠳᠤ ᠬᠠᠳᠠᠮ ᠠᠪᠤ ᠨᠢ ᠴᠤ ᠲᠡᠰᠬᠡᠯ ᠦᠭᠡᠢ ᠨᠢᠯᠪᠤᠰᠤ ᠠᠰᠬᠠᠷᠠᠭᠤᠯᠤᠨ᠎ᠠ᠃       ᠠᠮᠢᠳᠤᠷᠠᠯ ᠦᠷᠭᠦᠯᠵᠢᠯᠡᠬᠦ ᠪᠠᠷ ᠢᠶᠠᠨ ᠦᠷᠭᠦᠯᠵᠢᠯᠡᠨ᠎ᠡ᠂ ᠡᠮᠭᠡᠨᠢᠯ ᠭᠠᠰᠢᠭᠤᠳᠠᠯ ᠤᠨ ᠳᠠᠷᠠᠭ᠎ᠠ᠂ ᠵᠠᠩ ᠬᠤᠸᠠ ᠮᠥᠨ ᠯᠡ ᠵᠣᠷᠢᠭ ᠢᠶᠠᠨ ᠬᠥᠪᠴᠢᠯᠡᠨ᠂ ᠬᠡᠪᠲᠡᠷᠢ ᠳᠤ ᠣᠷᠣᠭᠰᠠᠨ ᠡᠷ᠎ᠡ ᠨᠥᠬᠦᠷ ᠢᠶᠠᠨ ᠦᠵᠡᠭᠡᠳ ᠵᠠᠪᠠᠯ ᠬᠤᠪᠢ ᠵᠠᠶᠠᠭ᠎ᠠ ᠪᠠᠨ ᠥᠭᠡᠷᠡᠴᠢᠯᠡᠨ᠎ᠡ ᠭᠡᠵᠦ ᠰᠢᠢᠳᠦᠭᠡᠳ᠂ ᠡᠳᠦᠷ ᠪᠣᠯᠭᠠᠨ ᠡᠷ᠎ᠡ ᠨᠥᠬᠦᠷ ᠢᠶᠠᠨ ᠳᠠᠭᠠᠭᠤᠯᠤᠨ ᠡᠷᠡᠭᠦᠯᠵᠢᠯ ᠤᠨ ᠪᠣᠯᠪᠠᠰᠤᠷᠠᠯ ᠢ ᠪᠠᠷᠢᠮᠲᠠᠯᠠᠨ ᠭᠢᠯᠭᠡᠵᠦ᠂ ᠹᠢᠽᠢᠺ ᠤᠨ ᠡᠮᠴᠢᠯᠡᠭᠡ ᠶᠢ ᠢᠳᠡᠪᠬᠢᠲᠡᠢ ᠬᠢᠳᠡᠭ ᠪᠣᠯᠵᠠᠢ᠃ ᠴᠢᠷᠮᠠᠶᠢᠯᠭ᠎ᠠ ᠬᠥᠮᠥᠨ ᠢ ᠭᠤᠮᠣᠳᠠᠭᠠᠬᠤ ᠦᠭᠡᠢ ᠭᠡᠳᠡᠭ ᠢᠶᠠᠷ᠂ ᠲᠡᠭᠦᠨ ᠤ ᠨᠠᠷᠢᠨ ᠨᠢᠮᠪᠠᠢ ᠬᠠᠷᠠᠭᠠᠯᠵᠠᠯ ᠢᠶᠠᠷ ᠡᠷ᠎ᠡ ᠨᠥᠬᠦᠷ ᠤᠨ ᠬᠢᠨᠢ ᠡᠷᠡᠭᠦᠯᠵᠢᠯ ᠤᠨ ᠵᠠᠮ ᠶᠠᠪᠤᠬᠤ ᠲᠤᠳᠤᠮ ᠰᠠᠷᠠᠭᠤᠯᠵᠢᠵᠤ᠂ ᠤᠳᠤ ᠳᠥᠭᠦᠮᠬᠡᠨ ᠰᠢᠭ ᠠᠵᠢᠯ ᠬᠢᠵᠦ ᠴᠢᠳᠠᠬᠤ ᠪᠣᠯᠵᠠᠢ᠃ ︽ᠣᠲᠣ ᠡᠷ᠎ᠡ ᠨᠥᠬᠦᠷ ᠨᠢ ᠡᠩ ᠤᠨ ᠬᠥᠮᠥᠨ ᠰᠢᠭ ᠭᠠᠳᠠᠭᠰᠢ ᠭᠠᠷᠴᠤ ᠠᠵᠢᠯᠯᠠᠵᠤ ᠪᠠᠶᠢᠬᠤ ᠶᠢ ᠪᠤᠳᠣᠪᠡᠯ ᠲᠡᠷᠡ ᠶᠠᠭ ᠯᠠ ᠵᠡᠭᠦᠳᠦᠯᠡᠵᠦ ᠪᠠᠶᠢᠭ᠎ᠠ ᠰᠢᠭ᠋ ᠰᠠᠨᠠᠭᠳᠠᠳᠠᠭ᠂ ᠤᠳᠤ ᠦᠨᠳᠦᠰᠦᠨ ᠳᠡᠭᠡᠨ ᠶᠡᠭᠡ ᠰᠠᠶᠢᠨ ᠪᠣᠯᠵᠠᠢ᠂ ᠪᠡᠶ᠎ᠡ ᠨᠢ ᠶᠡᠭᠡ ᠰᠠᠶᠢᠵᠢᠷᠠᠵᠠᠢ᠂ ᠡᠳᠦᠷ ᠲᠤ ᠬᠤᠶᠠᠷ ᠤᠳᠠᠭ᠎ᠠ ᠡᠮ ᠤᠤᠭᠤᠵᠤ ᠪᠠᠶᠢᠨ᠎ᠠ᠂ ᠳᠠᠭᠢᠨ ᠪᠠᠶᠢᠴᠠᠭᠠᠯᠭᠠᠬᠤ ᠪᠠᠷ ᠣᠴᠢᠭᠰᠠᠨ ᠳᠤ ᠮᠡᠷᠭᠡᠵᠢᠯᠲᠡᠨ ᠪᠦᠷ ᠭᠠᠶᠢᠬᠠᠰᠢ ᠠᠯᠳᠠᠭᠰᠠᠨ ᠪᠠᠶᠢᠨ᠎ᠠ︾ ᠭᠡᠵᠦ ᠵᠠᠩ ᠬᠤᠸᠠ ᠪᠠᠶᠠᠷᠯᠠᠨ ᠬᠡᠯᠡᠨ᠎ᠡ᠃       ︽ᠣᠳᠣ ᠮᠢᠨᠤ ᠡᠪᠡᠳᠴᠢᠨ ᠤ ᠪᠠᠶᠢᠳᠠᠯ ᠨᠡᠯᠢᠶᠡᠳ ᠰᠠᠶᠢᠵᠢᠷᠠᠵᠠᠢ᠃ ᠡᠬᠡᠨᠡᠷ ᠮᠠᠨᠢ ᠨᠠᠳᠠ ᠶᠢ ᠠᠰᠠᠷᠠᠭᠠᠳ ᠨᠢᠭᠡᠨᠲᠡ 6 ᠵᠢᠯ ᠪᠣᠯᠵᠠᠢ᠂ ᠪᠢ ᠤᠳᠤ ᠠᠷᠰᠠᠷ ᠠᠵᠢᠯ ᠢ ᠬᠢᠭᠡᠳ ᠳᠡᠶᠢᠯᠴᠢᠬᠡᠨ᠎ᠡ᠂ ᠪᠢ ᠬᠤᠷᠳᠤᠬᠠᠨ ᠡᠷᠡᠭᠦᠯᠵᠢᠵᠦ ᠡᠬᠡᠨᠡᠷ ᠤᠨ ᠢᠶᠠᠨ ᠳᠠᠷᠤᠭᠠᠰᠤ ᠶᠢ ᠬᠥᠩᠭᠡᠯᠡᠶ᠎ᠡ︾ ᠭᠡᠵᠦ ᠯᠢ ᠬᠠᠢ ᠫᠧᠩ ᠢᠲᠡᠭᠡᠯ ᠲᠡᠭᠦᠯᠳᠡᠷ ᠶᠠᠷᠢᠨ᠎ᠠ᠃       ᠭᠡᠷ ᠪᠦᠯᠢ ᠪᠣᠯ ᠶᠠᠭ ᠯᠠ ᠨᠢᠭᠡ ᠰᠠᠭᠤᠷᠢ ᠮᠣᠳᠣ ᠲᠠᠢ ᠠᠳᠠᠯᠢ᠂ ᠡᠴᠢᠭᠡ ᠡᠬᠡ ᠨᠢ ᠬᠥᠷᠥᠰᠥᠨ ᠳᠤ ᠭᠦᠨ ᠦᠨᠳᠦᠰᠦᠯᠡᠭᠰᠡᠨ ᠦᠨᠳᠦᠰᠦ ᠨᠢ ᠰᠢᠭ᠂ ᠦᠷ᠎ᠡ ᠬᠡᠦᠬᠡᠳ ᠨᠢ ᠳᠠᠷᠤᠢ ᠨᠠᠪᠴᠢ ᠨᠠᠮᠠᠭ᠎ᠠ ᠨᠢ ᠠᠳᠠᠯᠢ ᠪᠤᠯᠠᠢ᠃ ᠵᠠᠩ ᠬᠤᠸᠠ ᠠᠴᠢᠯᠠᠯ ᠵᠢᠷᠤᠮ᠂ ᠡᠨᠡᠷᠢᠯ ᠬᠠᠶᠢᠷ᠎ᠠ ᠪᠠᠨ ᠳᠡᠭᠡᠳᠦᠯᠡᠨ ᠠᠮᠢᠳᠤᠷᠠᠯ ᠤᠨ ᠬᠠᠲᠠᠭᠤ ᠲᠠᠢ ᠲᠡᠰᠪᠦᠷᠢ ᠬᠠᠲᠠᠭᠤᠵᠢᠯᠲᠠᠢ ᠲᠡᠮᠡᠴᠡᠵᠦ᠂ ᠬᠦᠴᠢᠷ ᠤᠨ ᠡᠮᠦᠨ᠎ᠡ ᠶᠡᠷᠦ ᠠᠴᠠ ᠨᠤᠭᠤᠷᠠᠰᠢ ᠦᠭᠡᠢ ᠬᠠᠳᠠᠨ ᠵᠣᠷᠢᠭ᠂ ᠬᠠᠯᠠᠭᠤᠨ ᠬᠠᠶᠢᠷ᠎ᠠ ᠪᠠᠷ ᠢᠶᠠᠨ ᠨᠢᠭᠡ ᠭᠡᠷ ᠢᠶᠠᠨ ᠲᠤᠯᠤᠨ᠂ ᠨᠡᠶᠢᠭᠡᠮ ᠨᠡᠶᠢᠲᠡ ᠳᠡᠭᠡᠨ ᠳᠠᠭᠤᠷᠢᠶᠠᠯ ᠪᠣᠯᠵᠤ ᠶᠠᠪᠤᠨ᠎ᠠ᠃ 
ᠢᠷᠡᠯᠲᠡ᠄ ᠲᠥᠩᠯᠢᠶᠣᠣ ᠮᠣᠩᠭᠤᠯ ᠰᠦᠯᠵᠢᠶ᠎ᠡ