ᠡᠮᠦᠨᠡᠬᠡᠨ᠂ ᠨᠠᠢᠮᠠᠨ ᠬᠤᠰᠢᠭᠤᠨ ᠤ ᠤᠯᠢᠶᠠᠰᠤ ᠰᠢᠶᠠᠩ ᠳᠤ ᠵᠢᠮᠢᠰ ᠤᠨ ᠮᠣᠳᠣ ᠠᠷᠠᠴᠢᠯᠠᠵᠤ ᠵᠠᠰᠠᠬᠤ ᠮᠡᠷᠭᠡᠵᠢᠯ ᠤᠨ ᠪᠣᠯᠪᠠᠰᠤᠷᠠᠯ ᠥᠷᠨᠢᠭᠦᠯᠪᠡ᠃ ᠯᠢᠶᠣᠤᠨᠢᠩ | ᠮᠤᠵᠢ ᠶᠢᠨ ᠵᠢᠮᠢᠰ ᠤᠨ ᠮᠣᠳᠣᠨ ᠤ ᠰᠤᠳᠤᠯᠭᠠᠨ ᠤ ᠭᠠᠵᠠᠷ ᠤᠨ ᠤᠤᠯ ᠤᠨ ᠳᠠᠷᠤᠭ᠎ᠠ ᠢ ᠺᠠᠢ ᠫᠷᠤᠹᠧᠰᠰᠤᠷ ᠪᠣᠯᠣᠨ ᠲᠦᠩᠯᠢᠶᠣᠣ ᠬᠤᠲᠠ ᠶᠢᠨ ᠤᠢ ᠰᠢᠭᠤᠢ | ᠨᠤᠲᠤᠭ ᠪᠡᠯᠴᠢᠭᠡᠷ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠭᠠᠵᠠᠷ ᠤᠨ ᠲᠤᠰᠬᠠᠢ ᠮᠡᠷᠭᠡᠵᠢᠯᠲᠡᠨ ᠸᠠᠩ ᠪᠦᠦ ᠰᠢᠶᠠ ᠤᠯᠢᠶᠠᠰᠤ ᠰᠢᠶᠠᠩ ᠳᠤ ᠭᠦᠨᠵᠡᠭᠡᠶᠢᠷᠡᠨ | ᠬᠠᠪᠤᠷ ᠤᠨ ᠤᠯᠠᠷᠢᠯ ᠤᠨ ᠵᠢᠮᠢᠰ ᠤᠨ ᠮᠣᠳᠣ ᠶᠢ ᠠᠷᠠᠴᠢᠯᠠᠵᠤ ᠵᠠᠰᠠᠬᠤ ᠮᠡᠷᠭᠡᠵᠢᠯ ᠤᠨ ᠪᠣᠯᠪᠠᠰᠤᠷᠠᠯ ᠥᠷᠨᠢᠭᠦᠯᠵᠦ᠂ ᠲᠤᠬᠠᠢ ᠶᠢᠨ ᠭᠠᠵᠠᠷ ᠤᠨ ᠵᠢᠮᠢᠰ ᠤᠨ | ᠲᠠᠷᠢᠶᠠᠴᠢᠳ ᠲᠤ ᠪᠣᠳᠠᠲᠤ ᠬᠡᠷᠡᠭᠯᠡᠭᠡᠨ ᠤ ︽ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠲᠣᠮᠣ ᠪᠡᠯᠡᠭ︾ ᠬᠦᠷᠭᠡᠪᠡ᠃ | ᠠᠯᠢ ᠡᠷᠲᠡ 60 ᠭᠠᠷᠤᠢ ᠲᠠᠷᠢᠮᠠᠯ ᠤᠨ ᠡᠷᠦᠭᠡ ᠸᠠᠨ ᠵᠢᠶᠠ ᠤᠢ ᠵᠢᠮᠢᠰ ᠤᠨ ᠲᠠᠷᠢᠮᠠᠯ ᠤᠨ ᠲᠤᠰᠬᠠᠢ ᠬᠤᠷᠰᠢᠶᠠᠵᠢᠯ ᠳᠤ ᠴᠤᠭᠯᠠᠷᠠᠵᠤ᠂ ᠲᠠᠷᠢᠮᠠᠯ ᠤᠨ | ᠶᠠᠪᠤᠴᠠ ᠳᠤ ᠲᠣᠬᠢᠶᠠᠯᠳᠤᠭᠰᠠᠨ ᠠᠰᠠᠭᠤᠳᠠᠯ ᠢᠶᠠᠨ ᠰᠣᠯᠢᠯᠴᠠᠵᠤ᠂ ᠪᠣᠯᠪᠠᠰᠤᠷᠠᠯ ᠡᠬᠢᠯᠡᠬᠦ ᠶᠢ ᠬᠦᠯᠢᠶᠡᠵᠦ ᠪᠠᠶᠢᠯ᠎ᠠ᠃ | ︽ᠡᠨᠡ ᠪᠣᠯ ᠮᠢᠨᠤ ᠭᠡᠷ ᠤᠨ ᠵᠢᠮᠢᠰ ᠤᠨ ᠬᠦᠷᠢᠶᠡᠯᠡᠩ ᠮᠥᠨ᠂ 2014 ᠣᠨ ᠳᠤ ᠬᠤᠷᠰᠢᠶᠠᠵᠢᠯ ᠪᠠᠶᠢᠭᠤᠯᠵᠤ᠂ ᠣᠳᠣᠬᠠᠨ ᠳᠤ ᠬᠠᠮᠤᠭ ᠠᠩᠬᠠᠨ ᠤ ᠬᠡᠳᠦᠨ | ᠵᠠᠭᠤᠨ ᠮᠦ ᠪᠠᠶᠢᠭᠰᠠᠨ ᠠᠴᠠ ᠪᠠᠨ ᠲᠦᠮᠡ ᠭᠠᠷᠤᠢ ᠮᠦ ᠪᠣᠯᠵᠤ ᠬᠥᠭᠵᠢᠵᠡᠢ᠃ ᠵᠢᠮᠢᠰ ᠤᠨ ᠮᠣᠳᠣ ᠶᠢ ᠠᠷᠠᠴᠢᠯᠠᠵᠤ ᠵᠠᠰᠠᠬᠤ ᠮᠡᠷᠭᠡᠵᠢᠯ ᠨᠢ ᠱᠠᠭᠠᠷᠳᠠᠯᠭ᠎ᠠ ᠮᠠᠰᠢ | ᠥᠨᠳᠥᠷ ᠠᠵᠢᠯ ᠪᠠᠶᠢᠳᠠᠭ᠂ ᠵᠢᠯ ᠪᠣᠯᠭᠠᠨ ᠪᠢᠳᠡ ᠠᠮᠠᠯᠠᠯᠲᠠ ᠪᠠᠨ ᠭᠦᠢᠴᠡᠳᠬᠡᠵᠦ ᠮᠡᠷᠭᠡᠵᠢᠯ ᠤᠨ ᠪᠣᠯᠪᠠᠰᠤᠷᠠᠯ ᠡᠷᠭᠢᠯᠡᠵᠦ᠂ ᠥᠨᠥᠳᠥᠷ ᠬᠤᠶᠠᠷ ᠲᠤᠰᠬᠠᠢ | ᠮᠡᠷᠭᠡᠵᠢᠯᠲᠡᠨ ᠢ ᠤᠷᠢᠵᠤ ᠣᠯᠠᠨ ᠳᠤ ᠮᠡᠷᠭᠡᠵᠢᠯ ᠤᠨ ᠵᠢᠯᠣᠭᠤᠳᠤᠯᠭ᠎ᠠ ᠭᠢᠯᠭᠡᠵᠦ᠂ ᠲᠠᠷᠢᠮᠠᠯ ᠤᠨ ᠡᠷᠤᠭᠡ ᠶᠢᠨ ᠪᠣᠳᠠᠲᠤ ᠬᠡᠷᠡᠭᠯᠡᠭᠡᠨ ᠤ ᠮᠡᠷᠭᠡᠵᠢᠯ ᠢ ᠳᠡᠭᠡᠭᠰᠢᠯᠡᠭᠦᠯᠵᠤ | ᠪᠠᠶᠢᠨ᠎ᠠ︾ ᠭᠡᠵᠦ ᠨᠠᠢᠮᠠᠨ ᠬᠤᠰᠢᠭᠤᠨ ᠤ ᠸᠠᠨ ᠵᠢᠶᠠ ᠣᠶ ᠵᠢᠮᠢᠰ ᠤᠨ ᠲᠠᠷᠢᠮᠠᠯ ᠤᠨ ᠲᠤᠰᠬᠠᠢ ᠬᠤᠷᠰᠢᠶᠠᠵᠢᠯ ᠤᠨ ᠬᠠᠷᠢᠭᠤᠴᠠᠯᠭᠠᠲᠠᠨ ᠰᠦᠨ ᠢᠤ ᠬᠡᠯᠡᠨ᠎ᠡ᠃ | ᠪᠣᠯᠪᠠᠰᠤᠷᠠᠯ ᠨᠢ ᠵᠢᠮᠢᠰ ᠤᠨ ᠤᠢ ᠳᠤ ᠶᠠᠪᠤᠭᠳᠠᠵᠠᠢ᠃ ᠢ ᠺᠠᠢ ᠫᠷᠤᠹᠧᠰᠰᠤᠷ ᠵᠢᠮᠢᠰ ᠤᠨ ᠮᠣᠳᠣᠨ ᠤ ᠬᠠᠵᠠᠭᠤ ᠳᠤ ᠵᠣᠭᠰᠣᠨ᠂ ᠭᠠᠷ ᠲᠠᠭᠠᠨ ᠬᠠᠶᠢᠴᠢ ᠪᠠᠷᠢᠵᠤ᠂ | ᠤᠯᠠᠨ ᠳᠤ ᠵᠢᠱᠢᠶ᠎ᠡ ᠦᠵᠡᠭᠦᠯᠦᠨ ᠬᠠᠶᠢᠴᠢᠯᠠᠵᠤ ᠵᠠᠰᠠᠨ᠂ ᠵᠢᠮᠢᠰ ᠤᠨ ᠲᠠᠷᠢᠶᠠᠴᠢᠳ ᠠᠩᠬᠠᠷᠤᠯ ᠲᠦᠢᠪᠯᠡᠷᠡᠭᠦᠯᠦᠨ ᠰᠤᠨᠤᠰᠬᠤ ᠶᠢᠨ ᠬᠠᠮᠲᠤ᠂ ᠪᠠᠶᠢᠨ ᠲᠡᠭᠢᠨ | ᠲᠣᠯᠣᠭᠠᠢ ᠳᠣᠬᠢᠨ ᠣᠶᠢᠯᠠᠭᠠᠵᠤ ᠪᠠᠶᠢᠬᠤ ᠪᠠᠨ ᠢᠯᠡᠳᠬᠡᠨ᠎ᠡ᠃ ᠬᠤᠶᠠᠷ ᠲᠤᠰᠬᠠᠢ ᠮᠡᠷᠭᠡᠵᠢᠯᠲᠡᠨ ᠪᠠᠰᠠ ᠨᠠᠢᠮᠠᠨ ᠬᠤᠰᠢᠭᠤᠨ ᠤ ᠠᠭᠤᠷ ᠠᠮᠢᠰᠬᠤᠯ ᠪᠠ ᠬᠥᠷᠥᠰᠥ | ᠰᠢᠷᠣᠢ ᠶᠢᠨ ᠨᠥᠬᠦᠴᠡᠯ ᠲᠠᠢ ᠢᠶᠠᠨ ᠤᠶᠠᠯᠳᠤᠭᠤᠯᠤᠨ᠂ ᠵᠢᠮᠢᠰ ᠤᠨ ᠮᠣᠳᠣᠨ ᠤ ᠬᠠᠪᠤᠷ ᠤᠨ ᠤᠯᠠᠷᠢᠯ ᠤᠨ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ | ᠵᠠᠰᠠᠬᠤ᠂ ᠪᠣᠷᠳᠣᠭᠤᠷ ᠣᠷᠣᠭᠤᠯᠬᠤ ᠵᠡᠷᠭᠡ ᠵᠠᠩᠭᠢᠯᠠᠭ᠎ᠠ ᠶᠢᠨ ᠮᠡᠳᠡᠯᠭᠡ ᠶᠢ ᠨᠠᠷᠢᠨ ᠲᠠᠶᠢᠯᠪᠤᠷᠢᠯᠠᠵᠤ᠂ ᠵᠢᠮᠢᠰ ᠤᠨ ᠲᠠᠷᠢᠶᠠᠴᠢᠳ ᠲᠤ ᠰᠢᠨᠵᠢᠯᠡᠬᠦ ᠤᠬᠠᠭᠠᠨᠴᠢ | ᠲᠠᠷᠢᠮᠠᠯ ᠤᠨ ᠵᠢᠯᠣᠭᠤᠳᠤᠯᠭ᠎ᠠ ᠬᠢᠪᠡ᠃ | ︽ᠣᠶᠢᠷ᠎ᠠ ᠶᠢᠨ ᠵᠢᠯ᠂ ᠤᠯᠢᠶᠠᠰᠤ ᠰᠢᠶᠠᠩ ᠤᠨ ᠨᠠᠮ ᠤᠨ ᠬᠤᠷᠢᠶ᠎ᠠ ᠵᠠᠰᠠᠭ ᠤᠨ ᠣᠷᠳᠣᠨ ᠦᠷᠭᠦᠯᠵᠢᠯᠡᠨ ᠬᠦᠴᠦᠯᠡᠵᠦ᠂ ᠬᠠᠶᠢᠲᠠᠩ ᠵᠢᠮᠢᠰ ᠤᠨ ᠠᠵᠤ | ᠦᠢᠯᠡᠰ ᠢ ᠢᠳᠡᠪᠬᠢᠲᠡᠢ ᠬᠥᠭᠵᠢᠭᠦᠯᠵᠦ᠂ ᠪᠦᠭᠦ ᠬᠤᠰᠢᠭᠤᠨ ᠤ ᠬᠠᠶᠢᠲᠠᠩ ᠵᠢᠮᠢᠰ ᠤᠨ ᠪᠣᠯᠪᠠᠰᠤᠷᠠᠯ ᠤᠨ ᠰᠠᠭᠤᠷᠢᠨ ᠭᠠᠵᠠᠷ᠂ ᠰᠢᠨ᠎ᠡ ᠰᠣᠷᠭᠤᠭ ᠪᠠᠶᠢᠯᠭᠠᠬᠤ | ᠬᠥᠮᠥᠷᠭᠡ ᠵᠡᠷᠭᠡ ᠣᠯᠠᠨ ᠲᠥᠷᠥᠯ ᠵᠦᠢᠯ ᠢ ᠬᠡᠷᠡᠭᠵᠢᠭᠦᠯᠦᠭᠰᠡᠨ ᠪᠠᠶᠢᠨ᠎ᠠ᠃ ᠵᠢᠯ ᠪᠦᠷᠢ ᠲᠣᠭᠲᠠᠮᠠᠯ ᠬᠤᠭᠤᠴᠠᠭ᠎ᠠ ᠲᠠᠢ ᠪᠠᠷ ᠵᠢᠮᠢᠰ ᠤᠨ ᠮᠣᠳᠣ ᠶᠢ ᠠᠷᠠᠴᠢᠯᠠᠵᠤ | ᠬᠠᠮᠠᠭᠠᠯᠠᠬᠤ ᠮᠡᠷᠭᠡᠵᠢᠯ ᠢ ᠠᠷᠪᠠ ᠭᠠᠷᠤᠢ ᠬᠤᠭᠤᠴᠠᠭ᠎ᠠ ᠵᠣᠬᠢᠶᠠᠨ ᠪᠠᠶᠢᠭᠤᠯᠤᠨ᠂ ᠨᠠᠷᠠᠲᠤ ᠲᠤᠰᠬᠠᠢ ᠮᠡᠷᠭᠡᠵᠢᠯᠲᠡᠨ ᠫᠷᠤᠹᠧᠰᠰᠤᠷ ᠢ ᠤᠷᠢᠵᠤ ᠬᠥᠳᠡᠭᠡ ᠨᠤᠲᠤᠭ ᠢᠶᠠᠷ | ᠭᠦᠨᠵᠡᠭᠡᠶᠢᠷᠡᠨ᠂ ᠵᠢᠮᠢᠰ ᠤᠨ ᠲᠠᠷᠢᠶᠠᠴᠢᠳ ᠲᠤ ᠪᠣᠯᠪᠠᠰᠤᠷᠠᠯ ᠬᠦᠷᠲᠡᠭᠡᠨ᠂ ᠤᠯᠢᠶᠠᠰᠤ ᠰᠢᠶᠠᠩ ᠤᠨ ᠵᠢᠮᠢᠰ ᠤᠨ ᠮᠣᠳᠣᠨ ᠤ ᠦᠢᠯᠡᠰ ᠤᠨ ᠴᠢᠨᠠᠷ ᠰᠠᠶᠢᠲᠠᠢ | ᠬᠥᠭᠵᠢᠯᠲᠡ ᠳᠤ ᠪᠠᠲᠤ ᠪᠠᠬᠢ ᠰᠠᠭᠤᠷᠢ ᠲᠠᠯᠪᠢᠵᠤ ᠪᠠᠶᠢᠨ᠎ᠠ︾ ᠭᠡᠵᠦ ᠤᠯᠢᠶᠠᠰᠤ ᠰᠢᠶᠠᠩ ᠤᠨ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠩ ᠤᠨ ᠳᠠᠷᠤᠭ᠎ᠠ ᠯᠢ | ᠳ᠋ᠦᠩ ᠱᠧᠩ ᠬᠡᠯᠡᠨ᠎ᠡ᠃ ᠣᠶᠢᠯᠠᠭᠠᠯᠲᠠ ᠪᠠᠷ᠂ ᠲᠣᠰ ᠤᠳᠠᠭᠠᠨ ᠤ ᠪᠣᠯᠪᠠᠰᠤᠷᠠᠯ ᠨᠢ ᠵᠢᠮᠢᠰ ᠤᠨ ᠮᠣᠳᠣ ᠠᠷᠠᠴᠢᠯᠠᠬᠤ᠂ ᠬᠠᠶᠢᠲᠠᠩ ᠵᠢᠮᠢᠰ ᠤᠨ ᠡᠭᠦᠯᠳᠡᠷ ᠢ ᠰᠣᠩᠭᠤᠨ | ᠪᠣᠶᠢᠵᠢᠭᠤᠯᠬᠤ᠂ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ ᠵᠡᠷᠭᠡ ᠲᠠᠯ᠎ᠠ ᠶᠢᠨ ᠠᠰᠠᠭᠤᠳᠠᠯ ᠳᠤ ᠴᠢᠭᠯᠡᠭᠦᠯᠦᠨ ᠣᠨᠣᠯ ᠪᠠ ᠮᠡᠷᠭᠡᠵᠢᠯ ᠤᠨ | ᠵᠢᠯᠣᠭᠤᠳᠤᠯᠭ᠎ᠠ ᠬᠠᠩᠭᠠᠵᠤ᠂ ᠤᠷᠢᠳᠴᠢᠯᠠᠨ ᠬᠠᠮᠢᠶᠠᠷᠬᠤ ᠣᠶᠢᠯᠠᠭᠠᠭᠳᠠᠬᠤᠨ ᠢ ᠤᠯᠢᠶᠠᠰᠤ ᠰᠢᠶᠠᠩ ᠳᠤ ᠬᠦᠷᠭᠡᠵᠦ᠂ ᠵᠢᠮᠢᠰ ᠤᠨ ᠲᠠᠷᠢᠶᠠᠴᠢᠳ ᠤᠨ ᠠᠷᠠᠴᠢᠯᠠᠨ | ᠬᠠᠮᠢᠶᠠᠷᠬᠤ ᠮᠡᠷᠭᠡᠵᠢᠯ ᠪᠠ ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠪᠡ᠃ | ︵ᠰᠦᠨ ᠢᠦᠢ ᠸᠧᠢ ᠯᠢ ᠯᠢ ᠵᠢᠤᠸᠠᠨ︶ | |