2024 ᠣᠨ ᠤ 1 — 11 ᠳ᠋ᠦ᠋ᠭᠡᠷ ᠰᠠᠷ᠎ᠠ ᠶᠢᠨ ᠲᠦᠩᠯᠢᠶᠣᠣ ᠬᠤᠲᠠ ᠶᠢᠨ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠢ ᠶᠢᠨ ᠠᠵᠢᠯᠯᠠᠭᠠᠨ ᠤ ᠪᠠᠶᠢᠳᠠᠯ
ᠨᠡᠶᠢᠲᠡᠯᠡᠭᠰᠡᠨ ᠴᠠᠭ᠄
2025/5/27
      1 — 11 ᠳ᠋ᠦ᠋ᠭᠡᠷ ᠰᠠᠷ᠎ᠠ ᠳᠤ᠂ ᠪᠥᠬᠦ ᠬᠤᠲᠠ ᠶᠢᠨ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠥᠷᠲᠡᠭ ᠠᠳᠠᠯᠢ ᠬᠤᠭᠤᠴᠠᠭᠠᠨ ᠤ ᠬᠢ ᠠᠴᠠ 4.6% ᠨᠡᠮᠡᠭᠳᠡᠵᠦ᠂ ᠳᠡᠭᠡᠷ᠎ᠡ ᠰᠠᠷ᠎ᠠ ᠶᠢᠨ ᠬᠢ ᠠᠴᠠ 0.3 ᠬᠤᠪᠢ ᠪᠠᠭᠤᠷᠠᠪᠠ᠃      ᠭᠤᠷᠪᠠᠨ ᠶᠡᠭᠡ ᠲᠥᠷᠥᠯ ᠬᠤᠪᠢᠶᠠᠵᠤ ᠦᠵᠡᠪᠡᠯ᠂ ᠠᠭᠤᠷᠬᠠᠢ ᠮᠠᠯᠲᠠᠬᠤ ᠦᠢᠯᠡᠰ ᠤᠨ ᠨᠡᠮᠡᠭᠳᠡᠯ ᠥᠷᠲᠡᠭ ᠠᠳᠠᠯᠢ ᠬᠤᠭᠤᠴᠠᠭᠠᠨ ᠤ ᠬᠢ ᠠᠴᠠ 7.2% ᠨᠡᠮᠡᠭᠳᠡᠵᠦ᠂ ᠦᠢᠯᠡᠳᠬᠦ ᠦᠢᠯᠡᠰ 5.3% ᠨᠡᠮᠡᠭᠳᠡᠵᠦ᠂ ᠴᠠᠬᠢᠯᠭᠠᠨ ᠬᠦᠴᠦ᠂ ᠢᠯᠴᠢ ᠶᠢᠨ ᠬᠦᠴᠦ᠂ ᠰᠢᠲᠠᠮᠠᠬᠠᠢ ᠬᠡᠢ ᠪᠠ ᠤᠰᠤᠨ ᠤ ᠦᠢᠯᠡᠳᠪᠦᠷᠢᠯᠡᠯ 1.0% ᠨᠡᠮᠡᠭᠳᠡᠪᠡ᠃      ᠠᠵᠤ ᠠᠬᠤᠢ ᠶᠢᠨ ᠲᠦᠷᠦᠯ ᠵᠦᠢᠯ ᠢᠶᠠᠷ ᠬᠤᠪᠢᠶᠠᠵᠤ ᠦᠵᠡᠪᠡᠯ᠂ ᠤᠯᠤᠰ ᠤᠨ ᠥᠮᠴᠢᠯᠡᠯᠲᠥ ᠬᠤᠪᠢ ᠡᠵᠡᠮᠳᠡᠭᠰᠡᠨ ᠠᠵᠤ ᠠᠬᠤᠶᠢᠯᠠᠯ ᠤᠨ ᠨᠡᠮᠡᠭᠳᠡᠯ ᠥᠷᠲᠡᠭ ᠠᠳᠠᠯᠢ ᠬᠤᠭᠤᠴᠠᠭᠠᠨ ᠤ ᠬᠢ ᠠᠴᠠ 1.3% ᠨᠡᠮᠡᠭᠳᠡᠪᠡ︔ ᠬᠤᠪᠢ ᠣᠷᠣᠭᠤᠯᠤᠭᠰᠠᠨ ᠳᠦᠷᠢᠮᠲᠦ ᠠᠵᠤ ᠠᠬᠤᠶᠢᠯᠠᠯ 4.6% ᠨᠡᠮᠡᠭᠳᠡᠪᠡ︔ ᠭᠠᠳᠠᠭᠠᠳᠤ ᠶᠢᠨ ᠬᠤᠳᠠᠯᠳᠤᠭᠠᠴᠢᠨ ᠵᠢᠴᠢ ᠰᠢᠶᠠᠩᠭᠠᠩ ᠣᠣᠮᠧᠨ ᠲᠠᠶᠢᠸᠠᠨ ᠤ ᠬᠤᠳᠠᠯᠳᠤᠭᠠᠴᠢᠨ ᠤ ᠪᠡᠯᠡ ᠣᠷᠣᠭᠤᠯᠤᠭᠰᠠᠨ ᠠᠵᠤ ᠠᠬᠤᠶᠢᠯᠠᠯ 5.9% ᠨᠡᠮᠡᠭᠳᠡᠪᠡ︔ ᠬᠤᠪᠢ ᠶᠢᠨ ᠡᠵᠡᠩᠨᠡᠭᠰᠡᠨ ᠠᠵᠤ ᠠᠬᠤᠶᠢᠯᠠᠯ 11.2% ᠨᠡᠮᠡᠭᠳᠡᠪᠡ᠃      ᠠᠵᠢᠯ ᠲᠦᠷᠦᠯ ᠢᠶᠠᠷ ᠬᠤᠪᠢᠶᠠᠵᠤ ᠦᠵᠡᠪᠡᠯ᠂ 27 ᠶᠡᠭᠡ ᠠᠵᠢᠯ ᠲᠥᠷᠥᠯ ᠤᠨ ᠳᠣᠲᠣᠷᠠᠬᠢ 16 ᠠᠵᠢᠯ ᠲᠥᠷᠥᠯ ᠤᠨ ᠨᠡᠮᠡᠭᠳᠡᠯ ᠥᠷᠲᠡᠭ ᠠᠳᠠᠯᠢ ᠬᠤᠭᠤᠴᠠᠭᠠᠨ ᠤ ᠬᠢ ᠠᠴᠠ ᠨᠡᠮᠡᠭᠳᠡᠭᠰᠡᠭᠡᠷ ᠢᠷᠡᠵᠡᠶ᠃ ᠥᠩᠭᠡᠲᠦ ᠲᠡᠮᠦᠷᠯᠢᠭ ᠬᠠᠶᠢᠯᠠᠭᠤᠯᠬᠤ ᠪᠠ ᠰᠣᠪᠣᠮᠠᠯ ᠪᠣᠯᠪᠠᠰᠤᠷᠠᠭᠤᠯᠬᠤ ᠠᠵᠤ ᠦᠢᠯᠡᠰ 1.6% ᠨᠡᠮᠡᠭᠳᠡᠵᠦ ᠂ ᠬᠠᠷ᠎ᠠ ᠲᠡᠮᠦᠷᠯᠢᠭ ᠬᠠᠶᠢᠯᠠᠭᠤᠯᠬᠤ ᠪᠠ ᠰᠣᠪᠣᠮᠠᠯ ᠪᠣᠯᠪᠠᠰᠤᠷᠠᠭᠤᠯᠬᠤ ᠠᠵᠤ ᠦᠢᠯᠡᠰ 0.4% ᠪᠠᠭᠤᠷᠠᠵᠤ᠂ ᠲᠠᠷᠢᠶᠠᠯᠠᠩ ᠤᠨ ᠬᠤᠯᠢᠰᠢᠨ ᠢᠳᠡᠭᠡᠨ ᠪᠣᠯᠪᠠᠰᠤᠷᠠᠭᠤᠯᠬᠤ ᠠᠵᠤ ᠦᠢᠯᠡᠰ 5.7% ᠪᠠᠭᠤᠷᠠᠵᠤ᠂ ᠢᠳᠡᠭᠡᠨ ᠦᠢᠯᠡᠳᠬᠦ ᠦᠢᠯᠡᠰ 19.5% ᠨᠡᠮᠡᠭᠳᠡᠵᠦ᠂ ᠴᠠᠬᠢᠯᠭᠠᠨ ᠬᠦᠴᠦ᠂ ᠢᠯᠴᠢ ᠶᠢᠨ ᠬᠦᠴᠦᠨ ᠤ ᠦᠢᠯᠡᠳᠪᠦᠷᠢᠯᠡᠯ ᠪᠠ ᠬᠠᠩᠭᠠᠯᠭ᠎ᠠ ᠶᠢᠨ ᠦᠢᠯᠡᠰ 1.3% ᠨᠡᠮᠡᠭᠳᠡᠵᠦ᠂ ᠲᠡᠮᠦᠷᠯᠢᠭ ᠪᠤᠰᠤ ᠠᠭᠤᠷᠬᠠᠢ ᠶᠢᠨ ᠪᠦᠲᠦᠭᠡᠭᠳᠡᠬᠦᠨ ᠤ ᠦᠢᠯᠡᠰ 16.2% ᠨᠡᠮᠡᠭᠳᠡᠪᠡ᠃      ᠦᠢᠯᠡᠳᠬᠦᠨ ᠢᠶᠠᠷ ᠬᠤᠪᠢᠶᠠᠵᠤ ᠦᠵᠡᠪᠡᠯ᠂ ᠪᠥᠬᠦ ᠬᠤᠲᠠ ᠶᠢᠨ 54 ᠵᠦᠢᠯ ᠤᠨ ᠠᠵᠤ ᠦᠢᠯᠡᠳᠪᠦᠷᠢ ᠶᠢᠨ ᠦᠢᠯᠡᠳᠬᠦᠨ ᠤ ᠳᠣᠲᠣᠷᠠᠬᠢ 24 ᠵᠦᠢᠯ ᠤᠨ ᠭᠠᠷᠤᠯᠲᠠ ᠨᠢ ᠨᠡᠮᠡᠭᠳᠡᠪᠡ᠃ ᠠᠮᠲᠠᠨ ᠤᠭᠢ ᠶᠢᠨ ᠭᠠᠷᠤᠯᠲᠠ 48.4 ᠲᠦᠮᠡᠨ ᠲᠣᠨ ᠬᠦᠷᠴᠦ᠂ 3.8% ᠪᠠᠭᠤᠷᠠᠪᠠ︔ ᠰᠦ ᠶᠢᠨ ᠭᠠᠷᠤᠯᠲᠠ 12.1 ᠲᠦᠮᠡᠨ ᠲᠣᠨ ᠬᠦᠷᠴᠦ᠂ 29.4% ᠪᠠᠭᠤᠷᠠᠪᠠ︔ ᠬᠢᠲᠠᠳ ᠪᠡᠯᠡᠨ ᠡᠮ ᠤᠨ ᠭᠠᠷᠤᠯᠲᠠ 979.5 ᠲᠣᠨ ᠬᠦᠷᠴᠦ᠂ 30.3% ᠨᠡᠮᠡᠭᠳᠡᠪᠡ︔ ᠬᠠᠪᠲᠠᠭᠠᠢ ᠰᠢᠯ ᠤᠨ ᠭᠠᠷᠤᠯᠲᠠ 539.0 ᠲᠦᠮᠡᠨ ᠬᠦᠨᠳᠦ ᠬᠠᠶᠢᠷᠴᠠᠭ ᠬᠦᠷᠴᠦ᠂ 7.4% ᠪᠠᠭᠤᠷᠠᠪᠠ︔ ᠲᠡᠮᠦᠷ ᠤᠨ ᠬᠠᠶᠢᠯᠤᠰᠢ ᠶᠢᠨ ᠭᠠᠷᠤᠯᠲᠠ 8.9 ᠲᠦᠮᠡᠨ ᠲᠣᠨ ᠬᠦᠷᠴᠦ᠂ 60.4% ᠪᠠᠭᠤᠷᠠᠪᠠ᠃
ᠢᠷᠡᠯᠲᠡ᠄ ᠲᠦᠩᠯᠢᠶᠤᠤ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠡᠭᠦᠳᠡᠴᠢ ᠰᠦᠯᠵᠢᠶ᠎ᠠ