ᠣᠶᠢᠷ᠎ᠠ ᠶᠢᠨ ᠵᠢᠯ ᠠᠴᠠ ᠨᠠᠭᠠᠰᠢ᠂ ᠨᠠᠢᠮᠠᠨ ᠬᠤᠰᠢᠭᠤᠨ ᠤ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠵᠠᠰᠠᠭ ᠤᠨ ᠶᠠᠪᠤᠳᠠᠯ ᠤᠨ ᠦᠢᠯᠡᠴᠢᠯᠡᠭᠡ ᠬᠢᠭᠡᠳ | ᠲᠤᠭ᠎ᠠ ᠪᠠᠷᠢᠮᠲᠠ ᠶᠢᠨ ᠬᠠᠮᠢᠶᠠᠷᠤᠯᠲᠠ ᠶᠢᠨ ᠲᠣᠪᠴᠢᠶ᠎ᠠ ᠨᠢ ᠠᠵᠤ ᠠᠬᠤᠶᠢᠯᠠᠯ ᠪᠣᠯᠣᠨ ᠣᠯᠠᠨ ᠲᠦᠮᠡᠨ ᠤ ᠠᠵᠢᠯ ᠶᠠᠪᠤᠳᠠᠯ ᠭᠦᠢᠴᠡᠳᠬᠡᠬᠦ ᠶᠠᠪᠤᠴᠠ ᠳᠤ | ᠲᠤᠯᠭᠠᠷᠠᠭᠰᠠᠨ ᠬᠦᠴᠢᠷᠳᠡᠯ ᠪᠠ ᠲᠦᠭᠵᠢᠷᠡᠯ ᠤᠨ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠳᠦᠷᠢᠮ ᠤᠨ | ᠥᠭᠡᠷᠡᠴᠢᠯᠡᠯᠲᠡ ᠶᠢ ᠭᠦᠨᠵᠡᠭᠡᠢ ᠲᠦᠯᠬᠢᠨ ᠠᠬᠢᠭᠤᠯᠵᠤ᠂ ᠬᠢᠨᠠᠨ ᠵᠥᠪᠰᠢᠶᠡᠷᠡᠬᠦ ᠦᠢᠯᠡᠴᠢᠯᠡᠭᠡᠨ ᠤ ᠵᠦᠢᠯᠡᠰ ᠤᠨ ᠴᠠᠭ ᠤᠨ ᠬᠢᠵᠠᠭᠠᠷ ᠢ ᠪᠠᠭᠠᠰᠬᠠᠬᠤ᠂ ᠭᠦᠶᠦᠬᠦ ᠶᠢ | ᠪᠠᠭᠠᠰᠬᠠᠬᠤ᠂ ᠦᠨᠡᠮᠯᠡᠯ ᠠᠴᠠ ᠬᠡᠯᠲᠦᠷᠢᠭᠦᠯᠵᠦ ᠭᠦᠢᠴᠡᠳᠬᠡᠬᠦ ᠳᠡᠭᠡᠷ᠎ᠡ ᠬᠦᠴᠦ ᠲᠠᠯᠪᠢᠵᠤ᠂ ᠭᠦᠢᠴᠡᠳᠬᠡᠬᠦ ᠴᠠᠭ ᠤᠨ ᠬᠢᠵᠠᠭᠠᠷ ᠨᠢ ᠨᠠᠩ ᠣᠬᠤᠷ᠂ ᠶᠠᠪᠤᠴᠠ ᠨᠢ ᠨᠠᠩ | ᠰᠢᠯᠢᠳᠡᠭ᠂ ᠭᠦᠶᠦᠬᠦ ᠨᠢ ᠨᠠᠩ ᠴᠥᠭᠡᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠣᠷᠴᠢᠨ ᠲᠣᠭᠤᠷᠢᠨ ᠢ ᠢᠳᠡᠪᠬᠢᠲᠡᠢ ᠪᠤᠶ ᠪᠣᠯᠭᠠᠪᠠ᠃ | ︽ᠴᠠᠭ ᠤᠨ ᠬᠢᠵᠠᠭᠠᠷ ᠢ ᠪᠠᠭᠠᠰᠬᠠᠬᠤ︾ ᠨᠢ ᠣᠯᠠᠨ ᠲᠦᠮᠡᠨ ᠤ ᠠᠵᠢᠯ ᠶᠠᠪᠤᠳᠠᠯ ᠭᠦᠢᠴᠡᠳᠬᠡᠬᠦ ᠬᠦᠷᠲᠡᠮᠵᠢ ᠶᠢᠨ ᠲᠥᠷᠥᠭᠳᠡᠯ ᠢ ᠳᠡᠭᠡᠭᠰᠢᠯᠡᠭᠦᠯᠪᠡ᠃ ᠲᠣᠰ | ᠲᠣᠪᠴᠢᠶ᠎ᠠ ︽ᠪᠠᠭᠠᠰᠬᠠᠵᠤ ᠳᠡᠶᠢᠯᠪᠡᠯ ᠪᠠᠭᠠᠰᠬᠠᠵᠤ᠂ ᠰᠢᠯᠢᠳᠡᠭᠵᠢᠭᠦᠯᠵᠦ ᠳᠡᠶᠢᠯᠪᠡᠯ ᠰᠢᠯᠢᠳᠡᠭᠵᠢᠭᠦᠯᠬᠦ︾ ᠠᠷᠠᠳ ᠲᠤ ᠲᠥᠭᠦᠮ ᠦᠵᠡᠭᠦᠯᠭᠦ ᠦᠢᠯᠡᠴᠢᠯᠡᠭᠡᠨ ᠤ | ᠵᠠᠷᠴᠢᠮ ᠢ ᠪᠠᠷᠢᠮᠲᠠᠯᠠᠵᠤ᠂ ᠬᠢᠨᠠᠨ ᠵᠥᠪᠰᠢᠶᠡᠷᠡᠬᠦ ᠴᠠᠭ ᠤᠨ ᠬᠢᠵᠠᠭᠠᠷ ᠢ ᠤᠯᠠᠮ ᠨᠢᠭᠡ ᠠᠯᠬᠤᠮ ᠪᠠᠭᠠᠰᠬᠠᠨ᠂ ᠡᠮᠬᠢᠯᠡᠨ ᠳᠢᠭᠯᠡᠭᠦ ᠪᠠᠷ ᠳᠠᠮᠵᠢᠭᠠᠳ ᠭᠦᠢᠴᠡᠳᠬᠡᠬᠦ | ᠴᠠᠭ ᠤᠨ ᠬᠢᠵᠠᠭᠠᠷ ᠢ 2126.5 ᠠᠵᠢᠯᠯᠠᠬᠤ ᠡᠳᠦᠷ ᠪᠠᠭᠠᠰᠬᠠᠵᠤ᠂ ᠠᠵᠢᠯ ᠶᠠᠪᠤᠳᠠᠯ ᠭᠦᠢᠴᠡᠳᠬᠡᠬᠦ ᠳᠤ ᠣᠯᠠᠨ ᠲᠦᠮᠡᠨ ᠤ ᠲᠤᠰᠢᠶᠠᠬᠤ ᠮᠠᠲ᠋ᠧᠷᠢᠶᠠᠯ ᠳᠤᠲᠠᠭᠤ᠂ | ᠬᠡᠷᠡᠭᠯᠡᠬᠦ ᠴᠠᠭ ᠨᠢ ᠣᠬᠤᠷ ᠪᠣᠯᠵᠤ᠂ ᠦᠢᠯᠡᠴᠢᠯᠡᠭᠡ ᠶᠢ ᠰᠢᠯᠢᠳᠡᠭᠵᠢᠭᠦᠯᠪᠡ᠃ | ︽ᠤᠤᠯ ᠤᠨ ᠬᠠᠤᠯᠢ ᠪᠠᠷ ᠲᠣᠭᠲᠠᠭᠠᠭᠰᠠᠨ ᠴᠠᠭ ᠤᠨ ᠬᠢᠵᠠᠭᠠᠷ ᠤᠨ ᠱᠠᠭᠠᠷᠳᠠᠯᠭ᠎ᠠ ᠶᠣᠰᠣᠭᠠᠷ ᠡᠵᠡᠩᠨᠡᠯᠲᠡ ᠶᠢᠨ ᠦᠨᠡᠮᠯᠡᠯ ᠭᠦᠢᠴᠡᠳᠬᠡᠬᠦ ᠳᠤ ᠬᠠᠭᠠᠰ ᠰᠠᠷ᠎ᠠ | ᠬᠡᠷᠡᠭᠰᠡᠵᠦ ᠪᠠᠶᠢᠭᠰᠠᠨ᠂ ᠣᠲᠣ ᠭᠤᠶᠤᠴᠢᠯᠠᠭᠴᠢ ᠶᠢᠨ ᠮᠠᠲ᠋ᠧᠷᠢᠶᠠᠯ ᠪᠦᠷᠢᠨ ᠭᠦᠢᠴᠡᠳ ᠪᠠᠶᠢᠪᠠᠯ ᠬᠤᠪᠢ ᠶᠢᠨ ᠡᠵᠡᠩᠨᠡᠯᠲᠡ ᠶᠢᠨ ᠦᠨᠡᠮᠯᠡᠯ ᠢ ᠭᠦᠢᠴᠡᠳᠬᠡᠬᠦ ᠳᠤ | ᠵᠥᠪᠭᠡᠨ ᠬᠠᠭᠠᠰ ᠴᠠᠭ ᠬᠡᠷᠡᠭᠰᠡᠨ᠂ ᠠᠵᠤ ᠠᠬᠤᠶᠢᠯᠠᠯ ᠡᠷᠭᠢᠯᠡᠭᠦ ᠳᠠᠩᠰᠠᠯᠠᠯᠲᠠ ᠳᠤ ᠵᠥᠪᠭᠡᠨ 2 ᠴᠠᠭ ᠬᠡᠷᠡᠭᠰᠡᠨ᠎ᠡ︾ ᠭᠡᠵᠦ ᠵᠠᠬ᠎ᠠ ᠳᠡᠯᠭᠡᠭᠦᠷ ᠲᠤ ᠣᠷᠣᠬᠤ ᠶᠢ | ᠬᠢᠨᠠᠨ ᠵᠥᠪᠰᠢᠶᠡᠷᠡᠬᠦ ᠴᠣᠩᠬᠤᠪᠴᠢ ᠶᠢᠨ ᠠᠵᠢᠯᠲᠠᠨ ᠯᠢ ᠴᠠᠰᠤᠨ᠎ᠠ ᠲᠠᠨᠢᠯᠴᠠᠭᠤᠯᠤᠨ᠎ᠠ᠃ | ︽ᠭᠦᠶᠦᠯᠭᠡᠬᠦ ᠶᠢ ᠪᠠᠭᠠᠰᠬᠠᠬᠤ︾ ᠨᠢ ᠣᠯᠠᠨ ᠲᠦᠮᠡᠨ ᠤ ᠠᠵᠢᠯ ᠶᠠᠪᠤᠳᠠᠯ ᠡᠷᠭᠢᠯᠡᠭᠦ ᠵᠣᠯ ᠵᠢᠷᠭᠠᠯᠲᠤ ᠰᠡᠳᠬᠢᠯᠭᠡ ᠶᠢ ᠨᠡᠮᠡᠭᠳᠡᠭᠦᠯᠦᠭᠰᠡᠨ ᠪᠠᠶᠢᠨ᠎ᠠ᠃ ᠲᠤᠰ | ᠬᠤᠰᠢᠭᠤ ︽15 ᠮᠢᠨᠦ᠋ᠲ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠭᠤᠷᠢᠭ︾ ᠤᠨ ᠦᠢᠯᠡᠳᠦᠯ ᠢ ᠭᠦᠢᠴᠡᠳ ᠪᠠᠳᠠᠷᠠᠭᠤᠯᠬᠤ ᠶᠢ ᠪᠠᠷᠢᠮᠲᠠᠯᠠᠵᠤ᠂ ᠰᠤᠮᠤ | ᠰᠢᠶᠠᠩ ᠪᠠᠯᠭᠠᠰᠤ ᠲᠠᠯᠠᠪᠠᠢ ᠵᠡᠭᠡᠯᠢ ᠭᠤᠳᠤᠮᠵᠢ᠂ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠤ ᠠᠷᠠᠳ ᠲᠤ ᠳᠥᠭᠦᠮ ᠦᠵᠡᠭᠦᠯᠭᠦ ᠦᠢᠯᠡᠴᠢᠯᠡᠭᠡᠨ ᠤ ᠲᠥᠪ ︵ | ᠥᠷᠲᠡᠭᠡ︶ ᠢᠶᠠᠷ ᠲᠦᠰᠢᠭ ᠪᠣᠯᠭᠠᠨ᠂ ︽15 ᠮᠢᠨᠦ᠋ᠲ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠭᠤᠷᠢᠭ︾ ᠢ ᠪᠦᠭᠦ ᠬᠦᠴᠦᠨ ᠢᠶᠠᠷ ᠪᠠᠶᠢᠭᠤᠯᠵᠤ᠂ | ᠣᠯᠠᠨ ᠲᠦᠮᠡᠨ ᠤ ︽ᠣᠶᠢᠷ᠎ᠠ ᠬᠠᠪᠢ ᠳᠠᠭᠠᠨ ᠭᠦᠢᠴᠡᠳᠬᠡᠬᠦ︾ ᠬᠡᠷᠡᠭᠴᠡᠭᠡ ᠱᠠᠭᠠᠷᠳᠠᠯᠭ᠎ᠠ ᠶᠢ ᠪᠦᠭᠦ ᠬᠦᠴᠦᠨ ᠢᠶᠠᠷ ᠢᠶᠠᠨ ᠬᠠᠩᠭᠠᠪᠠ᠃ ᠰᠠᠭᠤᠭᠠᠯᠢ ᠠᠷᠠᠳ ᠤᠨ | ᠬᠡᠷᠡᠭᠴᠡᠭᠡ ᠱᠠᠭᠠᠷᠳᠠᠯᠭ᠎ᠠ ᠶᠢᠨ ᠬᠡᠮᠵᠢᠶ᠎ᠡ ᠪᠠᠷ ᠶᠡᠭᠡ ᠥᠨᠳᠥᠷ ᠳᠠᠪᠲᠠᠮᠵᠢᠲᠤ ᠤᠴᠢᠷ ᠶᠠᠪᠤᠳᠠᠯ ᠢ ᠭᠦᠢᠴᠡᠳᠬᠡᠬᠦ ᠳᠤ ᠴᠢᠭᠯᠡᠭᠦᠯᠦᠨ᠂ 200 ᠲᠦᠷᠦᠯ ᠤᠨ ︽ | ᠬᠠᠪᠰᠤᠷᠤᠨ ᠭᠦᠢᠴᠡᠳᠬᠡᠬᠦ ᠣᠷᠣᠯᠠᠨ ᠭᠦᠢᠴᠡᠳᠬᠡᠬᠦ︾᠂ ︽ᠣᠶᠢᠷ᠎ᠠ ᠬᠠᠪᠢ ᠳᠠᠭᠠᠨ ᠭᠦᠢᠴᠡᠳᠬᠡᠬᠦ︾ ᠵᠦᠢᠯᠡᠰ ᠢ ᠠᠳᠠᠯᠢ ᠪᠠᠷᠢᠮᠵᠢᠶ᠎ᠠ ᠪᠠᠷ ᠭᠠᠴᠠᠭ᠎ᠠ ᠲᠣᠰᠬᠤᠨ ᠤ | ᠠᠷᠠᠳ ᠲᠤ ᠲᠥᠭᠦᠮ ᠦᠵᠡᠭᠦᠯᠭᠦ ᠦᠢᠯᠡᠴᠢᠯᠡᠭᠡᠨ ᠤ ᠥᠷᠲᠡᠭᠡ ᠳᠤ ᠭᠥᠯᠢᠶᠡᠨ ᠠᠪᠴᠤ ᠰᠢᠢᠳᠪᠦᠷᠢᠯᠡᠬᠦ ᠶᠢ ᠠᠬᠢᠭᠤᠯᠵᠤ᠂ ᠨᠠᠰᠤᠲᠠᠨ᠂ ᠡᠪᠡᠳᠴᠢᠨ ᠡᠮᠭᠡᠭ ᠲᠠᠢ᠂ | ᠵᠡᠮᠳᠡᠭ ᠵᠡᠷᠭᠡ ᠣᠨᠴᠠᠭᠠᠶ ᠬᠥᠮᠥᠰ ᠲᠤ ᠴᠢᠭᠯᠡᠭᠦᠯᠦᠨ ᠭᠡᠷ ᠲᠤᠨᠢ ᠬᠦᠷᠴᠦ ᠦᠢᠯᠡᠴᠢᠯᠡᠨ᠂ ᠡᠮ ᠡᠮᠨᠡᠯᠭᠡ ᠶᠢᠨ ᠳᠠᠭᠠᠳᠬᠠᠯ᠂ ᠨᠠᠰᠤᠵᠢᠯ ᠤᠨ ᠠᠰᠠᠷᠠᠮᠵᠢ ᠵᠡᠷᠭᠡ | ᠦᠢᠯᠡᠴᠢᠯᠡᠭᠡ ᠳᠤ ᠬᠤᠯᠪᠣᠭᠳᠠᠬᠤ ᠣᠯᠠᠨ ᠲᠦᠮᠡᠨ ᠤ ᠬᠡᠷᠡᠭᠴᠡᠭᠡ ᠱᠠᠭᠠᠷᠳᠠᠯᠭ᠎ᠠ ᠶᠢ ᠦᠨᠳᠦᠰᠦᠯᠡᠨ ᠬᠠᠪᠰᠤᠷᠤᠨ ᠭᠦᠢᠴᠡᠳᠬᠡᠬᠦ ᠣᠷᠣᠯᠠᠨ ᠭᠦᠢᠴᠡᠳᠬᠡᠬᠦ ᠶᠢ | ᠬᠡᠷᠡᠭᠵᠢᠭᠦᠯᠵᠦ᠂ ᠣᠯᠠᠨ ᠲᠦᠮᠡᠨ ᠳᠤ ᠨᠡᠩ ᠰᠠᠶᠢᠲᠤᠷ ᠦᠢᠯᠡᠴᠢᠯᠡᠪᠡ᠃ | ︽ᠦᠨᠡᠮᠯᠡᠯ ᠠᠴᠠ ᠬᠡᠯᠲᠦᠷᠢᠭᠦᠯᠵᠦ ᠭᠦᠢᠴᠡᠳᠬᠡᠬᠦ︾ ᠨᠢ ᠣᠯᠠᠨ ᠲᠦᠮᠡᠨ ᠤ ᠠᠵᠢᠯ ᠶᠠᠪᠤᠳᠠᠯ ᠭᠦᠢᠴᠡᠳᠬᠡᠬᠦ ᠳᠤ ᠲᠥᠭᠦᠮ ᠦᠵᠡᠭᠦᠯᠭᠦ ᠬᠡᠮᠵᠢᠶ᠎ᠡ ᠶᠢ | ᠳᠡᠭᠡᠭᠰᠢᠯᠡᠭᠦᠯᠪᠡ᠃ ᠣᠯᠠᠨ ᠲᠦᠮᠡᠨ ᠤ ᠠᠵᠢᠯ ᠶᠠᠪᠤᠳᠠᠯ ᠭᠦᠢᠴᠡᠳᠬᠡᠬᠦ ᠭᠡᠷᠡᠴᠢᠯᠡᠬᠦ ᠮᠠᠲ᠋ᠧᠷᠢᠶᠠᠯ ᠢ ᠣᠯᠠᠨ ᠲᠠᠯ᠎ᠠ ᠠᠴᠠ ᠲᠤᠰᠢᠶᠠᠬᠤ᠂ ᠦᠨᠡᠮᠯᠡᠯ ᠢᠶᠠᠨ ᠮᠠᠷᠲᠠᠬᠤ ᠵᠡᠷᠭᠡ | ᠠᠰᠠᠭᠤᠳᠠᠯ ᠢ ᠰᠢᠢᠳᠪᠦᠷᠢᠯᠡᠬᠦ ᠶᠢᠨ ᠲᠥᠯᠥᠭᠡ᠂ ᠲᠣᠰ ᠲᠣᠪᠴᠢᠶ᠎ᠠ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠵᠦᠢᠯᠡᠰ ᠤᠨ ︽ᠦᠨᠡᠮᠯᠡᠯ ᠠᠴᠠ ᠬᠡᠯᠲᠦᠷᠢᠭᠦᠯᠵᠦ | ᠭᠦᠢᠴᠡᠳᠬᠡᠬᠦ︾ ᠦᠢᠯᠡᠴᠢᠯᠡᠭᠡ ᠶᠢ ᠪᠦᠭᠦ ᠲᠠᠯ᠎ᠠ ᠪᠠᠷ ᠬᠡᠷᠡᠭᠵᠢᠭᠦᠯᠵᠦ᠂ ᠪᠦᠯᠦᠭ ᠤᠳᠠᠭ᠎ᠠ ᠬᠤᠪᠢᠶᠠᠨ ︽ᠦᠨᠡᠮᠯᠡᠯ ᠠᠴᠠ ᠬᠡᠯᠲᠦᠷᠢᠭᠦᠯᠵᠦ ᠭᠦᠢᠴᠡᠳᠬᠡᠬᠦ︾ ᠨᠠᠷᠢᠨ | ᠬᠠᠭᠤᠳᠠᠰᠤ ᠶᠢ ᠡᠮᠬᠢᠯᠡᠬᠦ ᠶᠢᠨ ᠬᠠᠮᠲᠤ ᠨᠡᠶᠢᠲᠡᠯᠡᠨ᠂ ᠭᠡᠷᠡᠴᠢ ᠦᠨᠡᠮᠯᠡᠯ ᠤᠨ ᠮᠠᠲ᠋ᠧᠷᠢᠶᠠᠯ ᠢ ᠰᠢᠭᠤᠳ ᠬᠦᠴᠦᠨ ᠦᠭᠡᠢ ᠪᠤᠯᠭᠠᠬᠤ᠂ ᠲᠤᠭ᠎ᠠ ᠪᠠᠷᠢᠮᠲᠠ ᠶᠢ ᠬᠠᠮᠲᠤ ᠪᠠᠷ | ᠡᠳ᠋ᠯᠡᠬᠦ᠂ ᠰᠦᠯᠵᠢᠶᠡᠨ ᠳᠡᠭᠡᠷ᠎ᠡ ᠬᠠᠷᠭᠤᠭᠤᠯᠤᠨ ᠪᠠᠶᠢᠴᠠᠭᠠᠬᠤ ᠪᠠ ᠮᠡᠳᠡᠭᠳᠡᠨ ᠠᠮᠠᠯᠠᠭᠤᠯᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠵᠤ ᠪᠠᠶᠢᠭᠠᠳ ︽ᠬᠤᠶᠠᠷ ᠢ | ᠲᠤᠰᠢᠶᠠᠬᠤ ᠠᠴᠠ ᠬᠡᠯᠲᠦᠷᠢᠭᠦᠯᠬᠦ︾ ᠶᠢ ᠪᠡᠶᠡᠯᠡᠭᠦᠯᠵᠦ᠂ ᠠᠳᠠᠯᠢ ᠨᠢᠭᠡᠨ ᠵᠦᠢᠯᠡᠰ ᠢ ᠢᠯᠭᠠᠭ᠎ᠠ ᠦᠭᠡᠢ ᠭᠥᠯᠢᠶᠡᠨ ᠠᠪᠴᠤ ᠰᠢᠢᠳᠪᠦᠷᠢᠯᠡᠬᠦ᠂ ᠠᠳᠠᠯᠢ ᠪᠠᠷᠢᠮᠵᠢᠶ᠎ᠠ ᠪᠠᠷ | ᠭᠦᠢᠴᠡᠳᠬᠡᠬᠦ ᠶᠢ ᠠᠬᠢᠭᠤᠯᠤᠨ᠂ ᠡᠯᠧᠺᠲᠷᠣᠨ ᠭᠡᠷᠡᠴᠢ ᠦᠨᠡᠮᠯᠡᠯ ᠤᠨ ᠠᠷᠠᠳ ᠲᠤ ᠲᠥᠭᠦᠮ ᠦᠵᠡᠭᠦᠯᠵᠦ ᠠᠷᠠᠳ ᠲᠤ ᠠᠰᠢᠭ ᠬᠦᠷᠲᠡᠭᠡᠬᠦ ᠦᠢᠯᠡᠳᠦᠯ ᠴᠢᠳᠠᠪᠤᠷᠢ ᠶᠢ | ᠭᠦᠢᠴᠡᠳ ᠪᠠᠳᠠᠷᠠᠭᠤᠯᠤᠭᠰᠠᠨ ᠪᠠᠶᠢᠨ᠎ᠠ᠃ | |